1. ᠨᠡᠬᠡᠢ — ᠦᠰᠦ ᠨᠢ ᠬᠦᠢᠴᠡᠭᠰᠡᠨ ᠬᠤᠨᠢ ᠶᠢ ᠲᠦᠬᠦᠭᠡᠷᠡᠭᠡᠳ ᠨᠤᠮ ᠤᠨ ᠶᠤᠰᠤ ᠪᠠᠷ ᠦᠪᠴᠢᠵᠦ | ᠠᠪᠤᠭᠰᠠᠨ ᠪᠦᠷᠢᠨ ᠪᠦᠲᠦᠨ ᠠᠷᠠᠰᠤ᠃ ᠮᠦᠨ ᠡᠪᠦᠯ ᠤᠨ ᠴᠠᠭ ᠲᠤ ᠡᠰᠡᠪᠡᠯ ᠨᠠᠮᠤᠷ ᠤᠷᠤᠢ᠂ ᠬᠠᠪᠤᠷ ᠡᠷᠲᠡ | ᠦᠬᠦᠭᠰᠡᠨ ᠮᠠᠯ ᠠᠴᠠ ᠦᠪᠴᠢᠵᠦ ᠠᠪᠤᠭᠰᠠᠨ ᠰᠠᠬᠤᠯᠢᠭ ᠦᠰᠦ ᠲᠠᠢ ᠠᠷᠠᠰᠤ᠃ | 2. ᠰᠢᠷᠢ — ᠦᠬᠡᠷ᠂ ᠠᠳᠤᠭᠤ᠂ ᠲᠡᠮᠡᠭᠡ᠂ ᠲᠤᠷᠤᠭ ᠬᠦᠷᠦᠭᠡᠰᠦᠨ ᠤ ᠠᠷᠠᠰᠤ᠃ | 3. ᠲᠤᠷᠠᠰᠬ᠎ᠠ — ᠲᠤᠷᠠᠵᠤ ᠦᠬᠦᠭᠰᠡᠨ ᠪᠣᠭ ᠮᠠᠯ ᠤᠨ ᠬᠦᠷᠦᠰᠦ ᠮᠠᠭᠤᠲᠠᠢ ᠬᠡᠪᠡᠷᠡᠭ ᠠᠷᠠᠰᠤ᠃ | 4. ᠠᠳᠠᠰᠬ᠎ᠠ — ᠡᠪᠡᠳᠴᠢᠨ ᠢᠶᠠᠷ ᠡᠰᠡᠭᠦᠯ᠎ᠡ ᠦᠯᠪᠡᠷᠴᠦ ᠦᠬᠦᠭᠰᠡᠨ ᠮᠠᠯ ᠤᠨ ᠠᠷᠠᠰᠤ ᠰᠢᠷᠢ᠃ | ᠠᠳᠠᠰᠬ᠎ᠠ ᠶᠢ ᠨᠣᠬᠠᠢ ᠳᠤ ᠳᠡᠪᠢᠰᠬᠦ᠂ ᠠᠷᠭᠠᠯ ᠬᠤᠷᠭᠤᠯ ᠪᠦᠲᠡᠭᠡᠬᠦ᠂ ᠦᠨᠡᠰᠦ ᠬᠤᠭ ᠵᠦᠭᠡᠭᠡᠬᠦ ᠳᠤ ᠬᠡᠷᠡᠭᠯᠡᠳᠡᠭ᠃ | | 5. ᠬᠦᠳᠦᠰᠦ — ᠡᠯᠳᠡᠭᠰᠡᠨ ᠨᠡᠬᠡᠢ ᠠᠷᠠᠰᠤᠨ ᠤ ᠬᠠᠭᠤᠴᠢᠷᠠᠭᠰᠠᠨ ᠪᠠᠭᠠᠬᠠᠨ ᠬᠡᠰᠡᠭ᠃ | 6. ᠢᠯᠬᠢ — ᠮᠠᠯ ᠬᠦᠷᠦᠭᠡᠰᠦᠨ ᠤ ᠠᠷᠠᠰᠤ ᠶᠢ ᠡᠯᠳᠡᠵᠦ ᠦᠰᠦ ᠶᠢ ᠨᠢ ᠵᠤᠮᠠᠭᠠᠯᠠᠭᠰᠠᠨ ᠨᠡᠬᠡᠢ ᠶᠢ | ᠬᠡᠯᠡᠨ᠎ᠡ᠃ | 7. ᠰᠡᠪᠬᠢ — ᠦᠢᠯᠡᠳᠪᠦᠷᠢ ᠶᠢᠨ ᠠᠷᠭ᠎ᠠ ᠪᠠᠷ ᠵᠤᠮᠠᠭᠠᠯᠠᠵᠤ᠂ ᠪᠣᠳᠤᠭᠰᠠᠨ ᠢᠯᠬᠢ ᠶᠢ ᠬᠡᠯᠡᠨ᠎ᠡ᠃ | 8. ᠬᠦᠮ — ᠲᠦᠯ ᠠᠴᠠ ᠳᠡᠭᠡᠭᠰᠢ ᠨᠠᠰᠤᠨ ᠤ ᠪᠣᠳᠠ ᠮᠠᠯ ᠤᠨ ᠡᠯᠳᠡᠵᠦ ᠵᠥᠭᠡᠯᠡᠷᠡᠭᠦᠯᠦᠭᠰᠡᠨ ᠠᠷᠠᠰᠤ᠃ | | 9. ᠰᠣᠷᠰᠣᠨ — ᠵᠦᠷ ᠤᠨ ᠠᠷᠠᠰᠤ᠃ ᠪᠣᠷᠣ ᠬᠦᠷᠦᠭᠡᠰᠦᠨ ᠤ ᠡᠮᠡᠭᠴᠢᠨ ᠢ ᠨᠢ ᠵᠦᠷ ᠭᠡᠨ᠎ᠡ᠃ | 10. ᠰᠠᠭᠠᠷᠢ — ᠠᠳᠤᠭᠤ ᠵᠡᠷᠭᠡ ᠮᠠᠯ ᠤᠨ ᠵᠤ᠂ ᠬᠤᠨᠳᠤᠯᠠᠢ ᠶᠢᠨ ᠠᠷᠠᠰᠤ ᠶᠢ ᠪᠣᠯᠪᠠᠰᠤᠷᠠᠭᠤᠯᠵᠤ | ᠠᠪᠤᠭᠰᠠᠨ ᠢ ᠬᠡᠯᠡᠨ᠎ᠡ᠃ ᠠᠳᠣᠭᠤᠰᠣᠨ ᠤ ᠴᠤᠯᠭᠤᠢ ᠠᠷᠠᠰᠤ ᠶᠢ ᠪᠠᠰᠠ ᠰᠠᠭᠠᠷᠢ ᠭᠡᠳᠡᠭ ᠴᠦ ᠪᠤᠢ᠃ | 11. ᠦᠳᠡᠭᠡᠷᠢ — ᠶᠠᠭᠤᠮ᠎ᠠ ᠶᠢ ᠦᠳᠡᠬᠦ ᠳᠤ ᠬᠡᠷᠡᠭᠯᠡᠬᠦ ᠨᠠᠷᠢᠨ ᠵᠦᠰᠦᠭᠰᠡᠨ ᠰᠢᠷᠢ᠃ | 12. ᠰᠠᠷᠢᠰᠤ — ᠬᠤᠨᠢ ᠢᠮᠠᠭᠠᠨ ᠤ ᠠᠷᠠᠰᠤ ᠶᠢ ᠪᠣᠯᠪᠠᠰᠤᠷᠠᠭᠤᠯᠵᠤ ᠬᠢᠭᠰᠡᠨ ᠨᠢᠮᠭᠡᠨ ᠢᠯᠬᠢ᠃ | 13. ᠰᠠᠷᠮᠠᠢ — ᠦᠰᠦ ᠨᠢ ᠵᠢᠭᠳᠡ ᠪᠣᠰᠣ ᠲᠠᠴᠢᠷ᠂ ᠵᠠᠷᠢᠮ ᠬᠡᠰᠡᠭ ᠲᠤ ᠪᠠᠨ ᠬᠠᠯᠴᠠᠭᠠᠢ ᠠᠷᠠᠰᠤ ᠶᠢ | ᠬᠡᠯᠡᠨ᠎ᠡ | 14. ᠲᠠᠷᠵᠠ — ᠲᠠᠴᠢᠷ ᠦᠰᠦ ᠲᠠᠢ ᠬᠤᠨᠢ ᠢᠮᠠᠭᠠᠨ ᠤ ᠠᠷᠠᠰᠤ᠃ | 15. ᠰᠡᠭᠰᠡᠭᠦᠷᠭᠡ — ᠬᠦᠷᠦᠪᠡᠵᠢᠭᠰᠡᠨ᠂ ᠰᠡᠭᠰᠡᠯᠵᠡᠭᠰᠡᠨ ᠶᠡᠭᠡ ᠦᠰᠦ ᠲᠠᠢ ᠬᠤᠷᠠᠭᠠᠨ ᠤ ᠠᠷᠠᠰᠤ᠃ | 16. ᠦᠵᠦᠬᠦᠷᠰᠡᠭ — ᠬᠠᠪᠤᠷ ᠤᠷᠲᠤ ᠶᠢᠨ ᠦᠰᠦ ᠶᠢ ᠬᠢᠷᠭᠠᠭᠰᠠᠨ ᠠᠴᠠ ᠬᠤᠶᠢᠰᠢ ᠤᠷᠭᠤᠵᠤ ᠠᠬᠤᠷ | ᠲᠠᠢ ᠪᠣᠯᠣᠭᠰᠠᠨ ᠬᠤᠨᠢᠨ ᠤ ᠠᠷᠠᠰᠤ ᠶᠢ ᠬᠡᠯᠡᠨ᠎ᠡ᠃ | |