ᠭᠠᠵᠠᠷ ᠣᠷᠣᠨ ᠤ ᠪᠠᠶᠢᠳᠠᠯ ᠂ ᠤᠷᠭᠤᠮᠠᠯ | ᠡᠨᠡ ᠨᠢ ᠭᠠᠵᠠᠷ ᠤᠨ ᠭᠠᠷᠴᠠ ᠂ ᠮᠣᠳᠣ ᠂ ᠡᠪᠡᠰᠦ ᠂ ᠤᠷᠭᠤᠮᠠᠯ ᠤᠨ ᠰᠢᠨᠵᠢ ᠂ ᠤᠷᠭᠤᠬᠤ ᠂ ᠮᠠᠨᠳᠤᠬᠤ ᠂ | ᠪᠠᠶᠢᠳᠠᠯ ᠲᠡᠭᠦᠨ ᠤ ᠬᠡᠪ ᠤᠨ ᠪᠤᠰᠤ ᠥᠭᠡᠷᠡᠴᠢᠯᠡᠯᠲᠡ ᠪᠠᠷ ᠲᠩᠷᠢ ᠂ | ᠴᠠᠭ ᠠᠭᠤᠷ ᠤᠨ ᠪᠠᠶᠢᠳᠠᠯ ᠢ ᠲᠥᠰᠥᠭᠡᠯᠡᠨ ᠦᠨᠡᠯᠡᠬᠦ ᠤᠯᠠᠮᠵᠢᠯᠠᠯᠲᠤ ᠠᠷᠭ᠎ᠠ ᠪᠢᠯᠡ ᠃ | ᠤᠷᠭᠤᠮᠠᠯ ᠰᠤᠳᠤᠯᠭᠠᠴᠢᠳ ᠤᠨ ᠮᠡᠳᠡᠭᠡᠯᠡᠭᠰᠡᠨ ᠢᠶᠠᠷ 400 ᠭᠠᠷᠤᠢ ᠳᠦᠷᠰᠦ ᠶᠢᠨ ᠤᠷᠭᠤᠮᠠᠯ ᠠᠭᠠᠷ | ᠤᠨ ᠳᠠᠷᠤᠯᠲᠠ ᠬᠡᠮᠵᠢᠭᠴᠢ ᠠᠮᠢᠳᠤ ᠪᠠᠭᠠᠵᠢ ᠭᠡᠭᠳᠡᠳᠡᠭ ᠠᠵᠢ ᠃ | —— ᠰᠥᠨᠢ ᠬᠤᠲᠣᠭᠤᠷ ᠬᠥᠨᠳᠡᠢ ᠭᠠᠵᠠᠷ ᠬᠦᠢᠲᠡᠨ ᠂ ᠳᠣᠪᠤ ᠲᠣᠯᠣᠭᠠᠳ ᠥᠨᠳᠥᠷ ᠭᠠᠵᠠᠷ ᠢᠶᠠᠷ | ᠳᠤᠯᠠᠭᠠᠪᠲᠤᠷ ᠪᠠᠶᠢᠪᠠᠯ ᠮᠠᠷᠭᠠᠰᠢ ᠨᠢ ᠲᠩᠷᠢ ᠲᠣᠭᠲᠠᠭᠤᠨ ᠪᠠᠶᠢᠨ᠎ᠠ ᠃ | —— ᠬᠠᠪᠤᠷ ᠨᠣᠭᠤᠭ᠎ᠠ ᠭᠠᠷᠬᠤ ᠲᠠᠢ ᠵᠡᠷᠭᠡᠴᠡᠨ ᠮᠣᠳᠣ ᠨᠠᠪᠴᠢᠯᠠᠬᠤ ᠨᠢ ᠵᠤᠨ ᠳᠠᠭᠠᠨ ᠭᠠᠩᠳᠠᠬᠤ | ᠶᠢᠨ ᠰᠢᠨᠵᠢ ᠃ | —— ᠡᠪᠦᠯ ᠮᠣᠳᠣ ᠱᠤᠤᠭᠢᠵᠤ ᠪᠠᠶᠢᠪᠠᠯ ᠳᠤᠯᠠᠭᠠᠷᠠᠬᠤ ᠶᠢᠨ ᠰᠢᠨᠵᠢ ᠃ | —— ᠠᠭᠤᠯᠠ ᠶᠢᠨ ᠮᠣᠳᠣ ᠳᠣᠣᠷ᠎ᠠ ᠲᠠᠯ᠎ᠠ ᠠᠴᠠ ᠪᠠᠨ ᠡᠬᠢᠯᠡᠨ ᠰᠢᠷᠠᠯᠠᠵᠣ ᠨᠠᠪᠴᠢ ᠰᠢᠯᠮᠦᠣᠰᠣ ᠨᠢ | ᠲᠦᠷᠭᠡᠨ ᠤᠨᠠᠪᠠᠯ ᠴᠠᠰᠤ ᠪᠠᠭ᠎ᠠ ᠲᠠᠢ ᠳᠤᠯᠠᠭᠠᠨ ᠡᠪᠦᠯ ᠪᠣᠯᠣᠨ᠎ᠠ ᠃ | ᠣᠷᠣᠢ ᠪᠠᠷ ᠢᠶᠠᠨ ᠡᠬᠢᠯᠡᠨ ᠰᠢᠷᠠᠯᠠᠵᠣ ᠨᠠᠪᠴᠢ ᠰᠢᠯᠮᠦᠰᠦ ᠨᠢ ᠤᠳᠠᠭᠠᠨ ᠤᠨᠠᠪᠠᠯ ᠵᠣᠳᠷᠠᠬᠤ ᠪᠠᠶᠢᠬᠤ ᠶᠢᠨ ᠰᠢᠨᠵᠢ ᠃ | | —— ᠡᠪᠦᠯ ᠤᠢ ᠳᠤ ᠲᠠᠰ ᠨᠢᠰᠬᠢᠨ ᠲᠠᠴᠢᠬᠢᠨᠠᠬᠤ ᠨᠢ ᠬᠦᠢᠲᠡᠨ ᠡᠳᠦᠷ ᠂ | ᠨᠠᠮᠤᠷ ᠡᠶᠢᠨ ᠬᠦ ᠳᠤᠤᠭᠠᠷᠬᠤ ᠠᠪᠠᠰᠣ ᠲᠣᠨᠣᠳᠠᠰᠣ ᠦᠭᠡᠢ ᠡᠳᠦᠷ ᠪᠣᠯᠣᠨ᠎ᠠ ᠃ | | —— ᠡᠪᠦᠯ ᠮᠣᠳᠣᠨ ᠤ ᠮᠥᠴᠢᠷ ᠳᠡᠭᠡᠷ᠎ᠡ ᠴᠠᠰᠤ ᠪᠠᠭ᠎ᠠ ᠪᠠᠶᠢᠪᠠᠯ ᠵᠤᠨ ᠨᠢ ᠤᠢ ᠳᠤ ᠮᠥᠭᠦ ᠵᠢᠮᠢᠰ ᠪᠠᠭ᠎ᠠ ᠪᠠᠶᠢᠨ᠎ᠠ ᠃ | —— ᠭᠠᠴᠣᠷ᠎ᠠ ᠶᠢᠨ ᠬᠠᠭᠤᠷᠠᠢ ᠮᠥᠴᠢᠷ ᠪᠦᠬᠦᠶᠢᠭᠰᠡᠨ ᠪᠠᠶᠢᠪᠠᠯ ᠰᠢᠭᠤᠷᠭ᠎ᠠ ᠪᠣᠯᠬᠤ ᠶᠢᠨ ᠳᠣᠬᠢᠶ᠎ᠠ ᠃ | —— ᠰᠠᠯᠬᠢᠨ ᠳᠤ ᠮᠣᠳᠣᠨ ᠤ ᠨᠠᠪᠴᠢᠨ ᠤ ᠳᠡᠭᠡᠳᠦ ᠲᠠᠯ᠎ᠠ ᠨᠢ ᠳᠣᠭᠤᠭᠰᠢ ᠬᠠᠷᠠᠬᠤ ᠪᠤᠶᠤ ᠰᠠᠯᠬᠢ ᠦᠭᠡᠢ ᠡᠳᠦᠷ ᠤᠨᠠᠪᠠᠯ ᠪᠣᠷᠤᠭ᠎ᠠ ᠣᠷᠣᠨ᠎ᠠ ᠃ | —— ᠨᠠᠷᠠᠰᠤ ᠪᠣᠯᠣᠨ ᠭᠠᠴᠣᠷ᠎ᠠ ᠶᠢᠨ ᠮᠥᠴᠢᠷ ᠤᠨᠵᠢᠭᠰᠠᠨ ᠬᠠᠷᠠᠭᠳᠠᠪᠠᠯ ᠬᠤᠷ᠎ᠠ ᠣᠷᠣᠬᠤ ᠶᠢᠨ ᠳᠣᠬᠢᠶ᠎ᠠ ᠃ | —— ᠬᠤᠰᠤ ᠪᠣᠯᠣᠨ ᠴᠠᠷᠠᠰᠣᠨ ᠤ ᠨᠠᠪᠴᠢ ᠪᠦᠷᠢᠨ ᠭᠦᠪᠢᠭᠳᠡᠭᠡ ᠦᠭᠡᠢ ᠪᠣᠯ ᠬᠦᠢᠲᠡᠨ ᠡᠪᠦᠯ ᠪᠣᠯᠣᠨ᠎ᠠ ᠃ | —— ᠮᠣᠳᠣᠨ ᠤ ᠨᠠᠪᠴᠢ ᠶᠡᠷᠦᠳᠡ ᠶᠢᠨ ᠬᠢ ᠠᠴᠠ ᠪᠠᠨ ᠡᠷᠲᠡ ᠰᠢᠷᠠᠯᠠᠪᠠᠯ ᠡᠷᠲᠡ ᠨᠠᠮᠣᠷᠰᠢᠨᠠ ᠃ ᠣᠷᠣᠢ ᠰᠢᠷᠠᠯᠠᠪᠠᠯ ᠬᠠᠪᠤᠷ ᠣᠷᠣᠶᠢᠲᠠᠨᠠ ᠃ | —— ᠬᠤᠰᠤ ᠠᠭᠴᠢ ︵ᠨᠠᠪᠴᠢ ᠵᠤᠯᠭᠠᠷᠠᠬᠤ ᠪᠠᠭᠠᠪᠲᠤᠷ ᠲᠤᠷᠤᠭ ᠮᠤᠳᠤ ︶ ᠮᠣᠳᠣᠨ ᠠᠴᠠ ᠡᠷᠲᠡ ᠨᠠᠪᠴᠢᠯᠠᠪᠠᠯ ᠬᠠᠭᠤᠷᠠᠶᠢᠬᠠᠨ ᠂ ᠣᠷᠣᠶᠢᠲᠠᠪᠠᠯ ᠪᠣᠷᠣᠭᠠᠷᠬᠠᠭ ᠵᠤᠨ ᠪᠣᠯᠣᠨ᠎ᠠ ᠃ | —— ᠠᠷᠪᠠᠳᠤᠭᠠᠷ ᠰᠠᠷ᠎ᠠ ᠶᠢᠨ ᠡᠬᠢᠨ ᠳᠤ ᠬᠤᠰᠤᠨ ᠤ ᠨᠠᠪᠴᠢ ᠤᠨᠠᠬᠤ ᠦᠭᠡᠢ ᠪᠣᠯ ᠴᠠᠰᠤ ᠣᠷᠣᠶᠢᠲᠠᠵᠤ ᠣᠷᠣᠨ᠎ᠠ ᠃ | —— ᠰᠠᠮᠤᠷ ᠶᠡᠭᠡ ᠂ ᠮᠥᠭᠦ ᠪᠠᠭ᠎ᠠ ᠣᠷᠭᠤᠪᠠᠯ ᠴᠠᠰᠣᠷᠬᠠᠭ ᠬᠠᠲᠠᠭᠤ ᠡᠪᠦᠯ ᠪᠣᠯᠣᠨ᠎ᠠ ᠃ | —— ᠵᠤᠨ ᠵᠢᠮᠢᠰ ᠡᠯᠪᠡᠭ ᠣᠷᠭᠤᠪᠠᠯ ᠬᠦᠢᠲᠡᠨ ᠂ ᠪᠠᠭ᠎ᠠ ᠣᠷᠭᠤᠪᠠᠯ ᠲᠤᠬᠠᠢ ᠶᠢᠨ ᠨᠤᠲᠤᠭ ᠲᠤ ᠥᠩ ᠲᠠᠢ ᠡᠪᠦᠯ ᠪᠣᠯᠣᠨ᠎ᠠ ᠃ ᠬᠡᠪ ᠤᠨ ᠪᠠᠶᠢᠳᠠᠯ ᠲᠠᠢ ᠪᠣᠯ ᠥᠩ ᠲᠠᠢ ᠪᠠᠶᠢᠬᠤ ᠶᠢᠨ ᠰᠢᠨᠵᠢ ᠃ | —— ᠡᠪᠡᠰᠦ ᠤᠷᠭᠤᠮᠠᠯ ᠡᠰᠢ ᠪᠠᠨ ᠤᠷᠭᠤᠵᠤ ᠭᠦᠢᠴᠡᠭᠡ ᠦᠭᠡᠢ ᠪᠠᠶᠢᠬᠤ ᠳᠤ ᠲᠣᠯᠣᠭᠠᠶᠢᠯᠠᠵᠤ ᠴᠡᠴᠡᠭᠯᠡᠬᠦ ᠨᠢ ᠭᠠᠩᠳᠠᠭᠤ ᠪᠠᠶᠢᠬᠤ ᠶᠢᠨ ᠰᠢᠨᠵᠢ ᠃ | —— ᠪᠡᠯᠴᠢᠭᠡᠷ ᠤᠨ ᠤᠷᠭᠤᠮᠠᠯ ᠡᠷᠲᠡ ᠬᠦᠷᠡᠩᠲᠡᠨ ᠲᠣᠯᠣᠭᠠᠶᠢᠯᠠᠪᠠᠯ ᠬᠠᠲᠠᠭᠤᠬᠠᠨ ᠡᠪᠦᠯ ᠪᠣᠯᠣᠨ᠎ᠠ ᠃ | —— ᠬᠠᠵᠠᠭᠠᠷ ᠡᠪᠡᠰᠦ ᠶᠡᠭᠡ ᠣᠷᠭᠤᠪᠠᠯ ᠡᠪᠦᠯ ᠳᠡᠭᠡᠨ ᠴᠠᠰᠤ ᠶᠡᠭᠡ ᠤᠨᠠᠨ᠎ᠠ ᠃ | —— ᠬᠢᠯᠭᠠᠨ᠎ᠠ ᠶᠡᠭᠡ ᠰᠢᠪᠡᠭᠡᠯᠡᠪᠡᠯ ᠶᠠᠯᠢᠮ ᠦᠭᠡᠢ ᠴᠠᠰᠤᠲᠠᠢ ᠡᠪᠦᠯ ᠲᠠᠢ ᠣᠴᠠᠷᠠᠬᠤ ᠶᠢᠨ ᠲᠡᠮᠳᠡᠭ ᠃ | —— ᠭᠤᠣᠯ ᠤᠨ ᠴᠠᠬᠢᠯᠳᠠᠭ ᠡᠷᠲᠡ ᠴᠡᠴᠡᠭᠯᠡᠪᠡᠯ ᠵᠤᠨ ᠳᠠᠭᠠᠨ ᠭᠠᠩᠳᠠᠭᠤ ᠪᠠᠶᠢᠬᠤ ᠶᠢᠨ ᠳᠣᠬᠢᠶ᠎ᠠ ᠃ | —— ᠴᠠᠭᠠᠨ ᠲᠦᠷᠦᠭᠦᠦ ᠶᠡᠭᠡ ᠤᠨᠠᠪᠠᠯ ᠵᠤᠨ ᠳᠠᠭᠠᠨ ᠭᠠᠩᠳᠠᠭᠤ ᠡᠪᠦᠯ ᠳᠡᠭᠡᠨ ᠵᠣᠳᠠᠷᠠᠭᠤ ᠪᠣᠯᠣᠨ᠎ᠠ ᠃ | —— ᠠᠯᠲᠠᠨᠬᠤᠨᠳᠠᠭᠠ ᠂ ᠬᠤᠩᠬᠤᠨ ᠴᠡᠴᠡᠭ ᠂ ᠬᠠᠳᠠᠨ ᠤ ᠪᠤᠲᠠ ᠨᠠᠪᠴᠢ ᠪᠠᠨ ᠬᠤᠮᠢᠪᠠᠯ ᠪᠣᠷᠤᠭ᠎ᠠ ᠣᠷᠣᠨ᠎ᠠ ᠃ | —— ᠤᠷᠭᠤᠮᠠᠯ ᠭᠠᠩᠳᠠᠨ ᠰᠢᠷᠠᠯᠠᠭᠰᠠᠨ ᠤ ᠬᠤᠶᠢᠨ᠎ᠠ ᠡᠩᠭᠡᠷ ᠨᠥᠮᠥᠷᠢ ᠭᠠᠵᠠᠷ ᠢᠶᠠᠷ ᠨᠣᠭᠤᠭ᠎ᠠ ᠬᠡᠨᠵᠡᠯᠡᠨ ᠣᠷᠭᠤᠪᠠᠯ ᠥᠩ ᠲᠠᠢ ᠡᠪᠦᠯ ᠪᠣᠯᠬᠤ ᠶᠢᠨ ᠰᠢᠨᠵᠢ ᠃ | —— ᠠᠶᠢᠷᠠᠭ ᠤᠨ ᠴᠡᠴᠡᠭ ᠰᠥᠨᠢ ᠳᠡᠭᠡᠨ ᠳᠡᠯᠭᠡᠷᠡᠭᠰᠡᠨ ᠪᠠᠶᠢᠪᠠᠯ ᠪᠣᠷᠤᠭ᠎ᠠ ᠣᠷᠣᠨ᠎ᠠ ᠃ | —— ᠤᠯᠢᠶᠠᠩᠭᠠᠷ ᠪᠤᠷᠭᠠᠰᠤ ᠂ ᠲᠠᠣᠯᠠᠢ ᠶᠢᠨ ᠪᠥᠭᠡᠷ᠎ᠡ ᠠᠭᠴᠢ ᠮᠣᠳᠣᠨ ᠠᠴᠠ ᠰᠢᠭᠦᠰᠦ ᠢᠯᠭᠠᠷᠠᠵᠤ ᠪᠠᠶᠢᠪᠠᠯ ᠤᠳᠠᠬᠤ ᠦᠭᠡᠢ ᠪᠣᠷᠤᠭ᠎ᠠ ᠣᠷᠣᠬᠤ ᠶᠢᠨ ᠳᠣᠬᠢᠶ᠎ᠠ ᠃ | —— ᠭᠡᠷ ᠤᠨ ᠬᠤᠰᠢᠶᠠᠩᠭᠤᠷ ᠤᠨ ᠡᠰᠢ ᠴᠡᠭᠴᠡᠷᠡᠨ ᠪᠣᠰᠴᠤ ᠂ ᠭᠢᠴᠢᠭᠡᠨᠡ ᠨᠠᠪᠴᠢ ᠪᠠᠨ ᠳᠡᠯᠭᠡᠬᠦ ᠨᠢ ᠲᠩᠷᠢ ᠪᠦᠷᠬᠦᠵᠦ ᠬᠤᠷᠠᠰᠢᠬᠤ ᠶᠢᠨ ᠰᠢᠨᠵᠢ ᠃ | —— ᠬᠤᠩᠭᠤᠷᠵᠤᠯᠠ ᠂ ᠮᠣᠶᠢᠯ ᠂ ᠲᠡᠰ ᠤᠨ ᠴᠡᠴᠡᠭ ᠳᠡᠭᠡᠷ᠎ᠡ ᠵᠥᠭᠡᠢ ᠳᠦᠩᠭᠢᠨᠡᠯᠳᠦᠨ ᠴᠤᠭᠯᠠᠬᠤ ᠨᠢ ᠮᠠᠷᠭᠠᠰᠢ ᠲᠩᠷᠢ ᠰᠠᠶᠢᠬᠠᠨ ᠪᠠᠶᠢᠬᠤ ᠶᠢᠨ ᠰᠢᠨᠵᠢ ᠃ | —— ᠪᠠᠭᠠᠪᠠᠭᠠᠢ ᠴᠡᠴᠡᠭ ᠶᠡᠭᠡ ᠣᠷᠭᠤᠪᠠᠯ ᠪᠣᠷᠤᠭ᠎ᠠ ᠬᠤᠪᠣᠷ ᠂ ᠵᠤᠨᠰᠢᠯᠭᠠ ᠮᠠᠭᠤ ᠪᠣᠯᠬᠤ ᠶᠢᠨ ᠰᠢᠨᠵᠢ ᠃ | —— ᠬᠠᠩᠭᠠᠢ ᠳᠤ ᠵᠤᠨ ᠤ ᠡᠬᠢᠨ ᠰᠠᠷ᠎ᠠ ᠳᠤ ᠵᠢᠵᠢᠭ ᠴᠠᠭᠠᠨ ᠴᠡᠴᠡᠭ ᠡᠯᠪᠡᠭ ᠣᠷᠭᠤᠪᠠᠯ ᠬᠤᠷ᠎ᠠ ᠲᠠᠢ ᠪᠠᠶᠢᠬᠤ ᠶᠢᠨ ᠰᠢᠨᠵᠢ ᠃ | —— ᠪᠠᠭᠠᠪᠠᠭᠠᠢ ᠬᠤᠩᠬᠤᠨ ᠴᠡᠴᠡᠭ ᠳᠡᠯᠪᠢ ᠪᠠᠨ ᠳᠡᠯᠭᠡᠭᠰᠡᠨ ᠪᠠᠶᠢᠪᠠᠯ ᠲᠩᠷᠢ ᠰᠠᠶᠢᠬᠠᠨ ᠪᠣᠯᠣᠨ᠎ᠠ ᠃ | —— ᠯᠣᠣᠯᠢ ᠰᠢᠷᠠᠯᠵᠢ ᠥᠨᠳᠥᠷ ᠣᠷᠭᠤᠪᠠᠯ ᠡᠪᠦᠯ ᠴᠠᠰᠤ ᠶᠡᠭᠡ ᠤᠨᠠᠬᠤ ᠶᠢᠨ ᠰᠢᠨᠵᠢ ᠃ | —— ᠪᠠᠭᠠᠪᠠᠭᠠᠢ ᠴᠡᠴᠡᠭ ᠡᠷᠲᠡ ᠴᠡᠴᠡᠭᠯᠡᠪᠡᠯ ᠵᠤᠨ ᠪᠣᠭᠤᠨᠢ ᠪᠣᠯᠣᠨ᠎ᠠ ᠃ | —— ᠣᠢ ᠶᠢᠨ ᠢᠷᠭᠤᠢ ᠬᠡᠭᠡᠷ᠎ᠡ ᠲᠠᠯ᠎ᠠ ᠭᠠᠵᠠᠷ ᠵᠢᠷ ᠤᠨ ᠬᠢ ᠠᠴᠠ ᠥᠨᠳᠥᠷ ᠡᠰᠢ ᠲᠠᠢ ᠤᠷᠭᠤᠬᠤ ᠨᠢ ᠡᠪᠦᠯ ᠠᠭᠤᠯᠠᠨ ᠳᠠᠭᠠᠨ ᠶᠠᠭ ᠦᠭᠡᠢ ᠴᠠᠰᠤ ᠣᠷᠣᠬᠤ ᠶᠢᠨ ᠰᠢᠨᠵᠢ ᠃ | —— ᠡᠪᠡᠰᠦᠨ ᠤ ᠰᠥᠯ ᠡᠷᠲᠡ ᠠᠷᠢᠯᠪᠠᠯ ᠬᠠᠲᠠᠭᠤᠬᠠᠨ ᠡᠪᠦᠯ ᠪᠣᠯᠣᠨ᠎ᠠ ᠃ |