ᠦᠬᠠᠶ ᠶᠢᠨ ᠵᠠᠰᠠᠭ ᠲᠠᠷᠬᠠᠭᠠᠭᠰᠠᠨ〔2022 〕2 ᠳ᠋ᠤᠭᠠᠷ ᠲᠣᠭᠠᠲᠤ | 2022 ᠣᠨ ᠤ ᠬᠤᠳᠠᠯᠳᠤᠭ᠎ᠠ ᠡᠵᠡᠩᠨᠡᠬᠦ ᠣᠷᠴᠢᠨ ᠲᠣᠭᠤᠷᠢᠨ ᠢ ᠰᠢᠯᠢᠳᠡᠭᠵᠢᠭᠦᠯᠬᠦ ᠠᠵᠢᠯ ᠤᠨ ᠭᠤᠤᠯᠳᠠᠯᠭ᠎ᠠ ᠶᠢ | ᠳᠠᠷᠤᠮᠠᠯᠯᠠᠨ ᠶᠠᠪᠤᠭᠤᠯᠬᠤ ᠲᠤᠬᠠᠶ ᠦᠬᠠᠶ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠡᠳᠡᠭᠳᠡᠯ | | ᠡᠯ᠎ᠡ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ᠂ ᠬᠤᠳᠠ ᠶᠢᠨ ᠵᠠᠰᠠᠭ ᠤᠨ ᠣᠷᠳᠣᠨ ᠤ ᠡᠯ᠎ᠡ | ᠰᠠᠯᠠᠭ᠎ᠠ ᠮᠥᠴᠢᠷ᠂ ᠡᠯ᠎ᠡ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠳᠤ᠄ | ︽ᠦᠬᠠᠶ ᠬᠤᠲᠠ ᠶᠢᠨ 2022 ᠣᠨ ᠤ ᠬᠤᠳᠠᠯᠳᠤᠭ᠎ᠠ ᠡᠵᠡᠩᠨᠡᠬᠦ ᠣᠷᠴᠢᠨ ᠲᠣᠭᠤᠷᠢᠨ ᠢ ᠰᠢᠯᠢᠳᠡᠭᠵᠢᠭᠦᠯᠬᠦ | ᠠᠵᠢᠯ ᠤᠨ ᠭᠤᠤᠯᠳᠠᠯᠭ᠎ᠠ︾ ᠶᠢ ᠡᠳᠦᠭᠡ ᠲᠠᠨᠠᠷ ᠲᠤ ᠳᠠᠷᠤᠮᠠᠯᠯᠠᠨ ᠶᠠᠪᠤᠭᠤᠯᠤᠯ᠎ᠠ᠂ ᠪᠣᠳᠠᠲᠠᠶ ᠲᠠᠢ ᠪᠠᠨ | ᠤᠶᠠᠯᠳᠤᠭᠤᠯᠤᠨ᠂ ᠬᠢᠨᠠᠮᠠᠭᠠᠶ ᠲᠤᠤᠱᠯᠠᠭᠤᠯᠤᠨ ᠬᠡᠷᠡᠭᠵᠢᠭᠦᠯᠲᠦᠭᠡᠶ᠃ | 2022 ᠣᠨ ᠤ 2 ᠰᠠᠷ᠎ᠠ ᠶᠢᠨ 14 ᠤ ᠡᠳᠦᠷ | ︵ᠲᠣᠰ ᠮᠠᠲ᠋ᠧᠷᠢᠶᠠᠯ ᠢ ᠢᠯᠡ ᠪᠠᠷ ᠨᠡᠶᠢᠲᠡᠯᠡᠨ᠎ᠡ︶ | | | ᠦᠬᠠᠶ ᠬᠤᠲᠠ ᠶᠢᠨ 2022 ᠣᠨ ᠤ ᠬᠤᠳᠠᠯᠳᠤᠭ᠎ᠠ ᠡᠵᠡᠩᠨᠡᠬᠦ ᠣᠷᠴᠢᠨ ᠲᠤᠭᠤᠷᠢᠨ ᠢ ᠰᠢᠯᠢᠳᠡᠭᠵᠢᠭᠦᠯᠬᠦ | ᠠᠵᠢᠯ ᠤᠨ ᠭᠤᠤᠯᠳᠠᠯᠭ᠎ᠠ | ᠰᠢ ᠶᠢᠨ ᠫᠢᠩ ᠶᠡᠷᠦᠩᠬᠡᠶ ᠱᠦᠵᠢ ᠶᠢᠨ ᠬᠤᠳᠠᠯᠳᠤᠭ᠎ᠠ ᠡᠵᠡᠩᠨᠡᠬᠦ ᠣᠷᠴᠢᠨ ᠲᠣᠭᠤᠷᠢᠨ ᠢ ᠰᠢᠯᠢᠳᠡᠭᠵᠢᠭᠦᠯᠬᠦ | ᠲᠤᠬᠠᠶ ᠴᠢᠬᠤᠯᠠ ᠵᠢᠭᠠᠪᠤᠷᠢ ᠴᠣᠬᠤᠯᠠᠪᠤᠷᠢ ᠶᠢᠨ ᠵᠣᠷᠢᠭ ᠰᠠᠨᠠᠭ᠎ᠠ ᠵᠢᠴᠢ ᠪᠦᠬᠦ ᠣᠷᠣᠨ ᠤ ᠬᠤᠳᠠᠯᠳᠤᠭ᠎ᠠ ᠡᠵᠡᠩᠨᠡᠬᠦ | ᠣᠷᠴᠢᠨ ᠲᠣᠭᠤᠷᠢᠨ ᠤ ᠶᠡᠭᠡ ᠬᠤᠷᠠᠯ ᠤᠨ ᠵᠣᠷᠢᠭ ᠰᠠᠨᠠᠭ᠎ᠠ ᠶᠢ ᠨᠠᠷᠢᠨ ᠬᠢᠨᠠᠮᠠᠭᠠᠶ ᠲᠤᠤᠱᠯᠠᠭᠤᠯᠤᠨ | ᠨᠠᠶᠢᠳᠠᠪᠤᠷᠢᠵᠢᠭᠤᠯᠬᠤ ᠶᠢᠨ ᠲᠥᠯᠥᠭᠡ᠂ ᠣᠷᠣᠨ ᠤ ᠳᠣᠲᠣᠷ᠎ᠠ ᠭᠠᠳᠠᠨᠠᠬᠢ ᠲᠡᠷᠢᠭᠦᠨ ᠤ ᠭᠠᠵᠠᠷ ᠣᠷᠣᠨ ᠪᠠ | ᠲᠤᠷᠰᠢᠯᠲᠠ ᠶᠢᠨ ᠴᠢᠬ ᠤᠨ ᠬᠤᠲᠠ ᠶᠢᠨ ᠲᠤᠷᠰᠢᠯᠭ᠎ᠠ ᠪᠠ ᠠᠷᠭ᠎ᠠ ᠬᠢᠳᠡᠯ ᠯᠦᠭᠡ ᠪᠥᠬᠦ ᠲᠠᠯ᠎ᠠ ᠪᠠᠷ ᠪᠠᠷᠢᠮᠵᠢᠶᠠᠯᠠᠵᠤ᠂ | ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠩ ᠰᠢᠯᠢᠳᠡᠭ ᠬᠤᠳᠠᠯᠳᠤᠭ᠎ᠠ ᠡᠵᠡᠩᠨᠡᠬᠦ ᠣᠷᠴᠢᠨ | ᠲᠣᠭᠤᠷᠢᠨ ᠢᠶᠠᠷ ᠵᠠᠬ᠎ᠠ ᠳᠡᠯᠭᠡᠭᠦᠷ ᠤᠨ ᠭᠤᠤᠯ ᠴᠣᠭᠴᠠ ᠳᠤ ᠦᠢᠯᠡᠴᠢᠯᠡᠬᠦ ᠠᠵᠢᠯᠯᠠᠭᠠᠨ ᠤ ᠲᠥᠰᠦᠯ︾ ︵ᠥᠪᠥᠷ | ᠵᠠᠰᠠᠭ ᠲᠠᠷᠬᠠᠭᠠᠭᠰᠠᠨ〔2022 〕4 ᠳ᠋ᠣᠭᠡᠷ ᠲᠣᠭᠠᠲᠤ︶ ᠢ ᠦᠨᠳᠦᠰᠦᠯᠡᠨ᠂ ᠲᠣᠰ ᠠᠵᠢᠯ ᠤᠨ | ᠭᠤᠤᠯᠳᠠᠯᠭ᠎ᠠ ᠶᠢ ᠲᠣᠭᠲᠠᠭᠠᠪᠠ᠃ | | ᠨᠢᠭᠡ᠂ ︽ᠨᠢᠭᠡ ᠰᠦᠯᠵᠢᠶ᠎ᠡ ᠪᠠᠷ ᠨᠡᠶᠢᠳᠡᠮ ᠬᠦᠢᠴᠡᠳᠭᠡᠬᠦ︾ ᠶᠢ ᠪᠥᠬᠦ ᠲᠠᠯ᠎ᠠ ᠪᠠᠷ ᠬᠡᠷᠡᠭᠵᠢᠭᠦᠯᠦᠨ᠎ᠡ | ︵ᠨᠢᠭᠡ︶ ᠰᠦᠯᠵᠢᠶᠡᠨ ᠳᠡᠭᠡᠷᠡᠬᠢ ᠦᠢᠯᠡᠴᠢᠯᠡᠭᠡᠨ ᠤ ᠬᠢᠷᠢ ᠬᠡᠮᠵᠢᠶ᠎ᠡ ᠪᠠᠨ ᠳᠡᠭᠡᠭᠰᠢᠯᠡᠭᠦᠯᠦᠨ᠎ᠡ | 1. ᠠᠵᠤ ᠠᠬᠤᠶᠢᠯᠠᠯ ᠳᠤ ᠬᠤᠯᠪᠣᠭᠳᠠᠬᠤ ᠠᠷᠠᠳ ᠲᠤ ᠲᠥᠬᠦᠮ ᠦᠵᠡᠭᠦᠯᠬᠦ ᠵᠦᠢᠯᠡᠰ ᠢ ᠪᠥᠬᠦ ᠬᠤᠲᠠ ᠶᠢᠨ | ᠨᠢᠭᠡ ᠴᠤᠭᠴᠠᠵᠢᠭᠰᠠᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠠᠪᠴᠠᠩ ᠳᠡᠭᠡᠷ᠎ᠡ ᠪᠥᠬᠦ ᠶᠠᠪᠤᠴᠠ ᠶᠢ | ᠰᠦᠯᠵᠢᠶ᠎ᠡ ᠪᠠᠷ ᠬᠦᠢᠴᠡᠳᠬᠡᠬᠦ ᠶᠢ ᠠᠬᠢᠭᠤᠯᠵᠤ᠂ ᠵᠠᠰᠠᠭ ᠤᠨ ᠶᠠᠪᠤᠳᠠᠯ ᠤᠨ ᠦᠢᠯᠡᠴᠢᠯᠡᠭᠡ ᠶᠢ ︽ᠮᠦᠩᠭᠡ ᠰᠣᠪᠠᠭ︾ | ᠤᠨ ᠰᠢᠯᠵᠢᠮᠡᠯ ᠦᠵᠦᠭᠦᠷᠯᠢᠭ ᠳᠠᠰᠢ ᠤᠯᠠᠮ ᠨᠢᠭᠡ ᠠᠯᠬᠤᠮ ᠤᠷᠲᠤᠳᠬᠠᠬᠤ ᠶᠢ ᠠᠬᠢᠭᠤᠯᠵᠤ᠂ ᠰᠦᠯᠵᠢᠶᠡᠨ | ᠳᠡᠭᠡᠷ᠎ᠡ ᠨᠢᠭᠡ ᠯᠡ ᠳᠡᠭᠡᠷ᠎ᠡ ᠭᠤᠶᠤᠴᠢᠯᠠᠨ ᠮᠡᠳᠡᠭᠦᠯᠬᠦ᠂ ᠰᠦᠯᠵᠢᠶᠡᠨ ᠳᠡᠭᠡᠷ᠎ᠡ ᠨᠢᠭᠡ ᠯᠡ ᠤᠳᠠᠭ᠎ᠠ ᠳᠤ ᠬᠦᠢᠴᠡᠳᠬᠡᠬᠦ | ᠦᠢᠯᠡᠴᠢᠯᠡᠭᠡᠨ ᠤ ᠵᠠᠭᠪᠤᠷ ᠢ ᠬᠡᠷᠡᠭᠵᠢᠭᠦᠯᠦᠨ᠂ ᠬᠢᠨᠠᠨ ᠵᠥᠪᠰᠢᠶᠡᠷᠡᠬᠦ ᠦᠢᠯᠡᠴᠢᠯᠡᠭᠡᠨ ᠤ ᠵᠦᠢᠯᠡᠰ ᠢ ᠪᠥᠬᠦ ᠲᠠᠯ᠎ᠠ ᠪᠠᠷ | ︽ᠨᠢᠭᠡ ᠰᠦᠯᠵᠢᠶ᠎ᠡ ᠪᠠᠷ ᠨᠡᠶᠢᠳᠡᠮ ᠬᠦᠢᠴᠡᠳᠬᠡᠬᠦ︾ ᠶᠢ ᠪᠡᠶᠡᠯᠡᠭᠦᠯᠵᠦ᠂ ᠵᠠᠬ᠎ᠠ ᠳᠡᠯᠭᠡᠭᠦᠷ ᠤᠨ ᠭᠤᠤᠯ ᠴᠣᠭᠴᠠ ᠪᠠ | ᠣᠯᠠᠨ ᠲᠦᠮᠡᠨ ᠤ ᠠᠵᠢᠯ ᠶᠠᠪᠤᠳᠠᠯ ᠬᠦᠢᠴᠡᠳᠬᠡᠬᠦ ᠳᠤ ᠨᠠᠩ ᠲᠥᠬᠦᠮ ᠪᠣᠯᠭᠠᠵᠤ᠂ ᠬᠥᠮᠦᠨ ᠢ ᠱᠠᠭᠠᠷᠳᠠᠬᠤ ᠥᠬᠡᠶ | ᠪᠣᠯᠭᠠᠨ᠎ᠠ᠃ ︵ᠬᠤᠲᠠ ᠶᠢᠨ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ ᠪᠠ ᠵᠠᠰᠠᠭ ᠤᠨ ᠶᠠᠪᠤᠳᠠᠯ ᠤᠨ | ᠦᠢᠯᠡᠴᠢᠯᠡᠭᠡᠨ ᠤ ᠲᠣᠪᠴᠢᠶ᠎ᠠ︶ | 2. ︽ᠪᠥᠬᠦ ᠬᠤᠲᠠ ᠪᠠᠷ ᠪᠠᠨ ᠨᠡᠶᠢᠳᠡᠮ ᠬᠦᠢᠴᠡᠳᠭᠡᠬᠦ︾ ᠵᠦᠢᠯᠡᠰ ᠤᠨ ᠨᠠᠷᠢᠨ ᠬᠠᠭᠤᠳᠠᠰᠤ ᠶᠢ ᠡᠮᠬᠢᠯᠡᠨ | ᠨᠡᠶᠢᠲᠡᠯᠡᠵᠦ᠂ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠠᠪᠴᠠᠩ ᠤᠨ ᠪᠠᠶᠢᠭᠤᠯᠤᠯᠲᠠ ᠶᠢ ᠲᠦᠷᠭᠡᠳᠬᠡᠨ | ᠲᠡᠭᠦᠯᠳᠡᠷᠵᠢᠭᠦᠯᠵᠦ᠂ ︽ᠰᠦᠯᠵᠢᠶᠡᠨ ᠳᠡᠭᠡᠷᠡᠬᠢ︾ ᠦᠢᠯᠡᠴᠢᠯᠡᠭᠡᠨ ᠤ ᠲᠠᠪᠴᠠᠩ ᠪᠠ ︽ᠰᠦᠯᠵᠢᠶᠡᠨ ᠭᠠᠳᠠᠨᠠᠬᠢ︾ | ᠦᠢᠯᠡᠴᠢᠯᠡᠭᠡᠨ ᠤ ᠴᠤᠯᠬᠤᠪᠴᠢ ᠳᠤ ᠲᠦᠰᠢᠭᠯᠡᠨ᠂ ᠨᠢᠭᠡ ᠪᠦᠯᠦᠭ ᠥᠨᠳᠥᠷ ᠲᠠᠪᠳᠠᠮᠵᠢᠳᠤ ᠵᠠᠰᠠᠭ ᠤᠨ ᠶᠠᠪᠤᠳᠠᠯ ᠤᠨ | ᠦᠢᠯᠡᠴᠢᠯᠡᠭᠡᠨ ᠤ ᠵᠦᠢᠯᠡᠰ ᠢ ︽ᠪᠥᠬᠦ ᠬᠤᠲᠠ ᠪᠠᠷ ᠢᠶᠠᠨ ᠨᠡᠶᠢᠳᠡᠮ ᠬᠦᠢᠴᠡᠳᠭᠡᠬᠦ︾ ᠶᠢ ᠪᠡᠶᠡᠯᠡᠭᠦᠯᠬᠦ ᠶᠢ | ᠠᠬᠢᠭᠤᠯᠤᠨ᠎ᠠ᠃ ︵ᠬᠤᠲᠠ ᠶᠢᠨ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ ᠪᠠ ᠵᠠᠰᠠᠭ ᠤᠨ ᠶᠠᠪᠤᠳᠠᠯ ᠤᠨ | ᠦᠢᠯᠡᠴᠢᠯᠡᠭᠡᠨ ᠤ ᠲᠣᠪᠴᠢᠶ᠎ᠠ︶ | 3. ᠵᠠᠰᠠᠭ ᠤᠨ ᠶᠠᠪᠤᠳᠠᠯ ᠤᠨ ᠲᠤᠭ᠎ᠠ ᠪᠠᠷᠢᠮᠲᠠ ᠶᠢᠨ ᠡᠬᠢ ᠪᠠᠶᠠᠯᠢᠭ ᠢ ᠡᠮᠬᠢᠯᠡᠨ ᠨᠡᠶᠢᠯᠡᠭᠦᠯᠵᠦ ᠬᠠᠮᠲᠤᠪᠠᠷ | ᠭᠥᠷᠳᠡᠵᠦ ᠬᠡᠷᠡᠭᠯᠡᠬᠦ ᠶᠢ ᠪᠥᠬᠦ ᠬᠦᠴᠦᠨ ᠢᠶᠠᠷ ᠳᠥᠯᠭᠢᠨ ᠠᠬᠢᠭᠤᠯᠵᠤ᠂ ᠬᠤᠲᠠ ᠶᠢᠨ ᠲᠣᠰ ᠱᠠᠲᠤᠨ ᠤ ᠵᠠᠰᠠᠭ ᠤᠨ | ᠶᠠᠪᠤᠳᠠᠯ ᠤᠨ ᠲᠤᠰᠬᠠᠶ ᠰᠦᠯᠵᠢᠶ᠎ᠡ ᠶᠢ ᠤᠯᠠᠮ ᠨᠢᠭᠡ ᠠᠯᠬᠤᠮ ᠡᠮᠬᠢᠯᠡᠨ ᠨᠡᠶᠢᠯᠡᠭᠦᠯᠵᠦ ᠵᠣᠯᠭᠠᠭᠤᠯᠤᠨ᠂ ᠰᠦᠯᠵᠢᠶᠡᠨ | ᠳᠡᠭᠡᠷᠡᠬᠢ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠬᠢᠷᠢ ᠬᠡᠮᠵᠢᠶ᠎ᠡ ᠪᠠᠨ ᠲᠠᠰᠤᠷᠠᠯᠲᠠ ᠥᠬᠡᠶ ᠳᠡᠭᠡᠭᠰᠢᠯᠡᠭᠦᠯᠵᠦ᠂ | ᠰᠠᠯᠠᠭ᠎ᠠ ᠮᠥᠴᠢᠷ ᠤᠨ ᠬᠤᠭᠤᠷᠣᠨᠳᠣᠬᠢ ᠲᠤᠭ᠎ᠠ ᠪᠠᠷᠢᠮᠲᠠ ᠶᠢ ᠤᠯᠠᠮ ᠨᠢᠭᠡ ᠠᠯᠬᠤᠮ ᠰᠠᠭᠠᠳ ᠥᠬᠡᠶ ᠨᠡᠪᠲᠡᠷᠡᠭᠦᠯᠵᠦ | ᠂ ᠮᠡᠳᠡᠭᠡ ᠵᠠᠩᠭᠢ ᠶᠢᠨ ᠥᠨᠥᠴᠢᠨ ᠠᠷᠠᠯ ᠢ ᠡᠪᠳᠡᠵᠦ᠂ ᠣᠯᠠᠨ ᠲᠦᠮᠡᠨ ᠢ ᠳᠤᠲᠠᠭᠤ ᠭᠦᠶᠦᠯᠭᠡᠵᠦ᠂ ᠮᠡᠳᠡᠭᠡ | ᠵᠠᠩᠭᠢ ᠶᠢ ᠢᠯᠡᠭᠦᠬᠡᠨ ᠭᠦᠶᠦᠯᠭᠡᠵᠦ᠂ ᠠᠵᠤ ᠠᠬᠤᠶᠢᠯᠠᠯ ᠳᠤ ᠠᠰᠢᠭᠲᠠᠶ ᠠᠷᠠᠳ ᠲᠤ ᠲᠥᠬᠦᠮ ᠦᠵᠡᠭᠦᠯᠬᠦ ᠶᠢ | ᠬᠠᠮᠤᠭ ᠤᠨ ᠶᠡᠭᠡ ᠬᠡᠮᠵᠢᠶ᠎ᠡ ᠪᠠᠷ ᠪᠡᠶᠡᠯᠡᠭᠦᠯᠦᠨ᠎ᠡ᠃ ︵ᠬᠤᠲᠠ ᠶᠢᠨ ᠶᠡᠭᠡ ᠳ᠋ᠠᠶᠢᠲ᠋ᠠ ᠶᠢᠨ ᠲᠥᠪ︶ | 4. ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠵᠦᠢᠯᠡᠰ ᠤᠨ ᠨᠠᠷᠢᠨ ᠬᠠᠭᠤᠳᠠᠰᠤ ᠶᠢᠨ ᠬᠠᠮᠢᠶᠠᠷᠤᠯᠲᠠ ᠶᠢ | ᠬᠡᠷᠡᠭᠵᠢᠭᠦᠯᠵᠦ᠂ ᠭᠤᠶᠤᠴᠢᠯᠠᠨ ᠮᠡᠳᠡᠭᠦᠯᠬᠦ ᠮᠠᠲ᠋ᠧᠷᠢᠶᠠᠯ᠂ ᠠᠵᠢᠯ ᠶᠠᠪᠤᠳᠠᠯ ᠬᠦᠢᠴᠡᠳᠬᠡᠬᠦ ᠵᠦᠭᠯᠡᠭᠦᠷ᠂ | ᠦᠢᠯᠡᠴᠢᠯᠡᠭᠡᠨ ᠤ ᠲᠠᠪᠴᠠᠩ᠂ ᠬᠢᠨᠠᠯᠲᠠ ᠲᠠᠯᠪᠢᠵᠤ ᠦᠨᠡᠯᠡᠬᠦ ᠵᠡᠷᠭᠡ ᠪᠠᠷᠢᠮᠵᠢᠶ᠎ᠠ ᠪᠠᠨ ᠤᠯᠠᠮ ᠨᠢᠭᠡ ᠠᠯᠬᠤᠮ | ᠡᠮᠬᠢᠯᠡᠨ ᠵᠢᠷᠤᠮᠵᠢᠭᠤᠯᠵᠤ᠂ ᠪᠥᠬᠦ ᠬᠤᠲᠠ ᠶᠢᠨ ᠬᠡᠪᠴᠢᠶᠡᠨ ᠳᠠᠬᠢ ᠠᠳᠠᠯᠢ ᠨᠢᠭᠡᠨ ᠵᠠᠰᠠᠭ ᠤᠨ ᠶᠠᠪᠤᠳᠠᠯ ᠤᠨ | ᠦᠢᠯᠡᠴᠢᠯᠡᠭᠡᠨ ᠤ ᠵᠦᠢᠯᠡᠰ ᠢ ᠠᠳᠠᠯᠢ ᠨᠥᠬᠦᠴᠡᠯ ᠤᠨ ᠳᠣᠤᠷ᠎ᠠ ᠢᠯᠭᠠᠭ᠎ᠠ ᠥᠬᠡᠶ ᠪᠠᠷ ᠭᠥᠯᠢᠶᠡᠨ ᠠᠪᠴᠤ | ᠰᠢᠢᠳᠪᠦᠷᠢᠯᠡᠬᠦ᠂ ᠠᠳᠠᠯᠢ ᠪᠠᠷᠢᠮᠵᠢᠶ᠎ᠠ ᠪᠠᠷ ᠬᠦᠢᠴᠡᠳᠬᠡᠬᠦ ᠶᠢ ᠠᠯᠬᠤᠮ ᠠᠯᠬᠤᠮ ᠢᠶᠠᠷ ᠪᠡᠶᠡᠯᠡᠭᠦᠯᠵᠦ᠂ ᠠᠵᠤ | ᠠᠬᠤᠶᠢᠯᠠᠯ ᠪᠠ ᠣᠯᠠᠨ ᠲᠦᠮᠡᠨ ᠳᠤ ᠰᠦᠯᠵᠢᠶᠡᠨ ᠳᠡᠭᠡᠷᠡᠬᠢ ᠪᠠ ᠰᠦᠯᠵᠢᠶᠡᠨ ᠭᠠᠳᠠᠨᠠᠬᠢ᠂ ᠦᠢᠯᠡᠴᠢᠯᠡᠭᠡᠨ ᠤ | ᠪᠠᠷᠢᠮᠵᠢᠶ᠎ᠠ ᠨᠢ ᠨᠢᠭᠡᠳᠦᠯᠲᠡᠶ ᠵᠠᠰᠠᠭ ᠤᠨ ᠶᠠᠪᠤᠳᠠᠯ ᠤᠨ ᠦᠢᠯᠡᠴᠢᠯᠡᠭᠡ ᠬᠠᠩᠭᠠᠨ᠎ᠠ᠃ ︵ᠬᠤᠲᠠ ᠶᠢᠨ ᠵᠠᠰᠠᠭ | ᠵᠠᠬᠢᠷᠭᠠᠨ ᠤ ᠬᠢᠨᠠᠨ ᠵᠦᠪᠰᠢᠶᠡᠷᠡᠯ ᠪᠠ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ︶ 365bet400电话_365bet亚洲官方_www.28365-365.com | 5. ᠥᠪᠡᠷᠲᠡᠭᠡᠨ ᠵᠠᠰᠠᠬᠤ ᠣᠷᠣᠨ ᠤ ᠰᠦᠯᠵᠢᠶᠡᠨ ᠳᠡᠭᠡᠷᠡᠬᠢ ᠵᠠᠭᠤᠴᠢᠯᠠᠬᠤ ᠦᠢᠯᠡᠴᠢᠯᠡᠭᠡᠨ ᠤ ᠴᠢᠯᠦᠭᠡᠲᠤ | ᠳᠡᠯᠭᠡᠭᠦᠷ ᠤᠨ ᠲᠠᠪᠴᠠᠩ ᠢ ᠬᠡᠷᠡᠭᠯᠡᠬᠦ ᠳᠤ ᠲᠦᠰᠢᠭᠯᠡᠨ᠂ ᠪᠥᠬᠦ ᠬᠦᠷᠢᠶ᠎ᠡ ᠴᠠᠷᠠᠭ᠎ᠠ ᠶᠢᠨ ᠰᠦᠯᠵᠢᠶᠡᠨ ᠳᠡᠭᠡᠷᠡᠬᠢ | ᠵᠠᠭᠤᠴᠢᠯᠠᠬᠤ ᠦᠢᠯᠡᠴᠢᠯᠡᠭᠡᠨ ᠢ ᠬᠡᠷᠡᠭᠵᠢᠭᠦᠯᠵᠦ᠂ ᠥᠪᠡᠰᠦᠪᠡᠨ ᠲᠣᠭᠲᠠᠭᠠᠭᠰᠠᠨ ᠵᠠᠭᠤᠴᠢᠯᠠᠬᠤ ᠦᠢᠯᠡᠴᠢᠯᠡᠭᠡᠨ ᠤ | ᠪᠠᠶᠢᠭᠤᠯᠤᠮᠵᠢ ᠶᠢᠨ ᠵᠥᠪᠰᠢᠶᠡᠷᠡᠨ ᠣᠷᠣᠭᠤᠯᠬᠤ ᠬᠢᠵᠠᠭᠠᠷᠯᠠᠯ ᠢ ᠬᠦᠴᠦᠨ ᠥᠬᠡᠶ ᠪᠣᠯᠭᠠᠵᠤ᠂ ᠨᠡᠭᠡᠭᠡᠯᠲᠡᠲᠡᠶ᠂ ᠢᠯᠡ | ᠲᠣᠳᠣ᠂ ᠵᠢᠷᠤᠮᠵᠢᠭᠰᠠᠨ ᠵᠠᠭᠤᠴᠢᠯᠠᠬᠤ ᠦᠢᠯᠡᠴᠢᠯᠡᠭᠡᠨ ᠤ ᠵᠠᠬ᠎ᠠ ᠳᠡᠯᠭᠡᠭᠦᠷ ᠢ ᠪᠤᠶᠢᠵᠢᠭᠤᠯᠤᠨ᠂ ︽ᠨᠢᠭᠡ | ᠰᠦᠯᠵᠢᠶ᠎ᠡ ᠪᠠᠷ ᠵᠠᠭᠤᠴᠢᠯᠠᠬᠤ︾ ᠶᠢ ᠪᠡᠶᠡᠯᠡᠭᠦᠯᠦᠨ᠎ᠡ᠃ ︵ᠬᠤᠲᠠ ᠶᠢᠨ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ | ᠪᠠ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ︶ | 6. ᠡᠯ᠎ᠡ ᠠᠵᠢᠯ ᠲᠥᠷᠥᠯ ᠤᠨ ᠬᠦᠷᠢᠶᠡᠨ ᠳᠠᠬᠢ ᠵᠠᠰᠠᠭ ᠤᠨ ᠶᠠᠪᠤᠳᠠᠯ ᠤᠨ ᠦᠢᠯᠡᠴᠢᠯᠡᠭᠡ ᠪᠠ ᠠᠮᠢᠳᠤᠷᠠᠯ ᠤᠨ | ᠦᠢᠯᠡᠴᠢᠯᠡᠭᠡᠨ ᠤ ᠬᠡᠷᠡᠭᠯᠡᠭᠡ ᠶᠢ ︽ᠮᠦᠩᠭᠡ ᠰᠣᠪᠠᠭ︾ APP ᠳᠤ ᠵᠠᠯᠭᠠᠨ ᠣᠷᠣᠭᠤᠯᠬᠤ ᠶᠢ ᠠᠬᠢᠭᠤᠯᠵᠤ᠂ ︽ | ᠠᠯᠠᠭᠠᠨ ᠲᠡᠭᠡᠷ᠎ᠡ︾ ᠬᠦᠢᠴᠡᠳᠬᠡᠵᠦ ᠪᠣᠯᠬᠤ ᠵᠦᠢᠯᠡᠰ ᠤᠨ ᠬᠠᠷᠢᠴᠠᠯ ᠢ ᠠᠯᠬᠤᠮ ᠠᠯᠬᠤᠮ ᠢᠶᠠᠷ ᠳᠡᠭᠡᠭᠰᠢᠯᠡᠭᠦᠯᠦᠨ᠂ | ᠬᠡᠷᠡᠭᠯᠡᠭᠡᠨ ᠤ ᠴᠢᠳᠠᠮᠵᠢ᠂ ᠠᠵᠢᠯᠯᠠᠭ᠎ᠠ᠂ ᠬᠠᠷᠠᠭᠠᠨ ᠰᠡᠷᠡᠯ ᠵᠡᠷᠭᠡ ᠬᠦᠴᠦᠨ ᠵᠦᠢᠯ ᠢᠶᠠᠨ ᠰᠠᠶᠢᠵᠢᠷᠠᠭᠤᠯᠵᠤ᠂ ᠠᠵᠢᠯ | ᠶᠠᠪᠤᠳᠠᠯ ᠬᠦᠢᠴᠡᠳᠬᠡᠬᠦ ᠶᠢᠨ ᠥᠩᠭᠡᠷᠡᠭᠡᠯᠲᠡ ᠪᠠᠨ ᠰᠢᠯᠢᠳᠡᠭᠵᠢᠭᠦᠯᠦᠨ᠂ ᠨᠠᠩ ᠣᠯᠠᠨ ᠬᠡᠷᠡᠭᠯᠡᠭᠡ ᠶᠢ ︽ | ᠬᠦᠢᠴᠡᠳᠬᠡᠵᠦ ᠪᠣᠯᠬᠤ︾ ᠠᠴᠠ ︽ᠬᠦᠢᠴᠡᠳᠭᠡᠬᠦ ᠳᠤ ᠲᠦᠬᠦᠮ︾ ᠪᠣᠯᠭᠠᠨ ᠬᠤᠪᠢᠷᠠᠭᠤᠯᠬᠤ ᠶᠢ ᠠᠬᠢᠭᠤᠯᠤᠨ᠎ᠠ᠃ ︵ | ᠬᠤᠲᠠ ᠶᠢᠨ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ ᠪᠠ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ︶ | | 7. ᠰᠠᠯᠠᠭ᠎ᠠ ᠮᠥᠴᠢᠷ ᠠᠯᠤᠰᠯᠠᠭᠰᠠᠨ ᠵᠦᠢᠯᠡᠰ ᠢ ᠡᠮᠬᠢᠯᠡᠨ ᠨᠡᠶᠢᠯᠡᠭᠦᠯᠬᠦ ᠶᠢ ᠲᠦᠷᠭᠡᠳᠬᠡᠵᠦ᠂ ᠨᠠᠩ ᠣᠯᠠᠨ | ᠵᠦᠢᠯᠡᠰ ᠲᠤ ︽ᠨᠢᠭᠡ ᠶᠠᠪᠤᠳᠠᠯ ᠢ ᠨᠢᠭᠡ ᠯᠡ ᠤᠳᠠᠭ᠎ᠠ ᠳᠤ ᠬᠦᠢᠴᠡᠳᠬᠡᠬᠦ︾ ᠶᠢ ᠪᠡᠶᠡᠯᠡᠭᠦᠯᠬᠦ ᠶᠢ ᠠᠬᠢᠭᠤᠯᠵᠤ᠂ | ᠴᠡᠴᠡᠷᠯᠢᠭ ᠲᠤ ᠣᠷᠣᠵᠤ ᠰᠤᠷᠭᠠᠭᠤᠯᠢ ᠳᠤ ᠣᠷᠣᠬᠤ᠂ ᠡᠪᠡᠳᠴᠢᠨ ᠦᠵᠡᠭᠦᠯᠬᠦ ᠦᠢᠯᠡᠴᠢᠯᠡᠭᠡ ᠵᠡᠷᠭᠡ ᠥᠨᠳᠥᠷ | ᠲᠠᠪᠳᠠᠮᠵᠢᠳᠤ ᠵᠦᠢᠯᠡᠰ ᠤᠨ ᠲᠠᠯ᠎ᠠ ᠪᠠᠷ ︽ᠨᠢᠭᠡ ᠯᠡ ᠤᠳᠠᠭ᠎ᠠ ᠳᠤ ᠬᠦᠢᠴᠡᠳᠬᠡᠬᠦ︾ ᠶᠢ ᠭᠤᠤᠯᠳᠠᠯᠭ᠎ᠠ ᠲᠠᠢ | ᠬᠡᠷᠡᠭᠵᠢᠭᠦᠯᠵᠦ᠂ ᠠᠵᠤ ᠠᠬᠤᠶᠢᠯᠠᠯ ᠪᠠ ᠣᠯᠠᠨ ᠲᠦᠮᠡᠨ ᠤ ᠠᠵᠢᠯ ᠶᠠᠪᠤᠳᠠᠯ ᠬᠦᠢᠴᠡᠳᠬᠡᠬᠦ ᠳᠤ ᠢᠵᠢ | ᠦᠢᠯᠡᠴᠢᠯᠡᠭᠡᠨ ᠤ ᠮᠠᠶ᠋ᠢᠭ ᠤᠨ᠂ ᠭᠤᠤᠯ ᠰᠡᠳᠦᠪᠲᠦ ᠮᠠᠶ᠋ᠢᠭ ᠤᠨ ᠬᠤᠷᠠᠮᠠᠯ ᠦᠢᠯᠡᠴᠢᠯᠡᠭᠡ ᠬᠠᠩᠭᠠᠨ᠎ᠠ᠃ ︵ | ᠬᠤᠲᠠ ᠶᠢᠨ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ ᠪᠠ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ︶ | | ︵ᠬᠤᠶᠠᠷ︶ ᠰᠦᠯᠵᠢᠶᠡᠨ ᠠᠴᠠ ᠭᠠᠳᠠᠭᠤᠷᠬᠢ ᠦᠢᠯᠡᠴᠢᠯᠡᠭᠡᠨ ᠤ ᠬᠢᠷᠢ ᠲᠦᠪᠰᠢᠨ ᠢ ᠪᠥᠬᠦ ᠲᠠᠯ᠎ᠠ ᠪᠠᠷ | ᠳᠡᠭᠡᠭᠰᠢᠯᠡᠭᠦᠯᠦᠨ᠎ᠡ | 8. ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠶᠡᠭᠡ ᠲᠢᠩᠬᠢᠮ ᠤᠨ ᠪᠠᠷᠢᠮᠵᠢᠶᠠᠵᠢᠭᠤᠯᠬᠤ ᠪᠠᠶᠢᠭᠤᠯᠤᠯᠲᠠ | ᠪᠠ ᠬᠠᠮᠢᠶᠠᠷᠤᠯᠲᠠ ᠪᠠᠨ ᠦᠷᠭᠦᠯᠵᠢᠯᠡᠨ ᠲᠡᠭᠦᠯᠳᠡᠷᠵᠢᠭᠦᠯᠵᠦ᠂ ᠡᠯ᠎ᠡ ᠱᠠᠲᠤᠨ ᠤ ᠵᠠᠰᠠᠭ ᠤᠨ ᠶᠠᠪᠤᠳᠠᠯ ᠤᠨ | ᠦᠢᠯᠡᠴᠢᠯᠡᠭᠡᠨ ᠤ ᠶᠡᠭᠡ ᠲᠢᠩᠬᠢᠮ ᠤᠨ 70% ᠠᠴᠠ ᠳᠡᠭᠡᠭᠰᠢᠬᠢ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ | ᠵᠦᠢᠯᠡᠰ ᠢ ᠲᠥᠷᠥᠯ ᠬᠤᠪᠢᠶᠠᠨ ᠭᠥᠯᠢᠶᠡᠨ ᠠᠪᠴᠤ ᠰᠢᠢᠳᠪᠦᠷᠢᠯᠡᠬᠦ ᠶᠢ ᠪᠡᠶᠡᠯᠡᠭᠦᠯᠵᠦ᠂ ᠰᠦᠯᠵᠢᠶᠡᠨ ᠭᠠᠳᠠᠨᠠᠬᠢ | ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠤᠷᠢᠳᠴᠢᠯᠠᠨ ᠪᠣᠯᠵᠣᠵᠤ ᠬᠦᠢᠴᠡᠳᠬᠡᠬᠦ ᠶᠢ ᠶᠡᠬᠡᠪᠡᠷ ᠬᠡᠷᠡᠭᠵᠢᠭᠦᠯᠦᠨ᠎ᠡ᠃ | ︵ᠬᠤᠲᠠ ᠶᠢᠨ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ ᠪᠠ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ | ᠲᠣᠪᠴᠢᠶ᠎ᠠ︶ | 9. ᠳᠤᠲᠠᠭᠳᠠᠵᠤ ᠪᠠᠶᠢᠬᠤ ᠶᠢ ᠪᠠᠭᠲᠠᠭᠠᠵᠤ ᠭᠥᠯᠢᠶᠡᠨ ᠠᠪᠴᠤ ᠰᠢᠢᠳᠪᠦᠷᠢᠯᠡᠬᠦ ᠳᠤ ᠳᠣᠭᠢᠷᠠᠬᠤ ᠵᠠᠰᠠᠭ ᠤᠨ | ᠶᠠᠪᠤᠳᠠᠯ ᠤᠨ ᠦᠢᠯᠡᠴᠢᠯᠡᠭᠡᠨ ᠤ ᠵᠦᠢᠯᠡᠰ ᠵᠢᠴᠢ ᠮᠠᠲ᠋ᠧᠷᠢᠶᠠᠯ ᠢ ᠪᠥᠬᠦ ᠲᠠᠯ᠎ᠠ ᠪᠠᠷ ᠡᠮᠬᠢᠯᠡᠨ ᠲᠣᠳᠣᠷᠬᠠᠶᠢᠯᠠᠵᠤ᠂ | ᠳᠤᠲᠠᠭᠳᠠᠵᠤ ᠪᠠᠶᠢᠬᠤ ᠶᠢ ᠪᠠᠭᠲᠠᠭᠠᠵᠤ ᠭᠥᠯᠢᠶᠡᠨ ᠠᠪᠴᠤ ᠰᠢᠢᠳᠪᠦᠷᠢᠯᠡᠬᠦ ᠵᠦᠢᠯᠡᠰ ᠤᠨ ᠨᠠᠷᠢᠨ ᠬᠠᠭᠤᠳᠠᠰᠤ ᠪᠠ | ᠳᠤᠲᠠᠭᠳᠠᠵᠤ ᠪᠠᠶᠢᠬᠤ ᠶᠢ ᠪᠠᠭᠲᠠᠭᠠᠵᠤ ᠭᠥᠯᠢᠶᠡᠨ ᠠᠪᠴᠤ ᠰᠢᠢᠳᠪᠦᠷᠢᠯᠡᠬᠦ ᠠᠮᠠᠯᠠᠯᠲᠠ ᠶᠢᠨ ᠪᠢᠴᠢᠭ ᠢ ᠲᠣᠭᠲᠠᠭᠠᠨ᠂ | ᠠᠵᠢᠯ ᠶᠠᠪᠤᠳᠠᠯ ᠬᠦᠢᠴᠡᠳᠬᠡᠬᠦ ᠵᠦᠭᠯᠡᠭᠦᠷ ᠢ ᠳᠣᠭᠢᠷᠠᠭᠤᠯᠤᠨ ᠲᠣᠳᠣᠷᠬᠠᠶᠢᠯᠠᠵᠤ᠂ ᠠᠵᠢᠯ ᠶᠠᠪᠤᠳᠠᠯ ᠬᠦᠢᠴᠡᠳᠬᠡᠬᠦ | ᠦᠷ᠎ᠡ ᠪᠦᠲᠦᠮᠵᠢ ᠪᠠᠨ ᠳᠡᠭᠡᠭᠰᠢᠯᠡᠭᠦᠯᠦᠨ᠎ᠡ᠃ ︵ᠬᠤᠲᠠ ᠶᠢᠨ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ ᠪᠠ | ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ︶ | 10. ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠪᠤᠶᠤ ᠬᠠᠤᠯᠢ ᠴᠠᠭᠠᠵᠠ | ᠬᠠᠤᠯᠢ ᠲᠣᠭᠲᠠᠭᠠᠯ ᠠᠴᠠ ᠡᠷᠬᠡ ᠣᠯᠭᠤᠭᠰᠠᠨ ᠣᠯᠠᠨ ᠨᠡᠶᠢᠲᠡ ᠶᠢᠨ ᠬᠡᠷᠡᠭ ᠶᠠᠪᠤᠳᠠᠯ ᠢ ᠬᠠᠮᠢᠶᠠᠷᠬᠤ ᠡᠭᠦᠷᠭᠡ | ᠴᠢᠳᠠᠪᠤᠷᠢ ᠲᠠᠢ ᠵᠣᠬᠢᠶᠠᠨ ᠪᠠᠶᠢᠭᠤᠯᠤᠯᠲᠠ ᠠᠴᠠ ᠵᠠᠰᠠᠭ ᠵᠠᠬᠢᠷᠭᠠᠨ ᠤ ᠵᠥᠪᠰᠢᠶᠡᠷᠡᠯ᠂ ᠵᠠᠰᠠᠭ ᠵᠠᠬᠢᠷᠭᠠᠨ ᠤ | ᠨᠤᠲᠠᠯᠠᠯᠲᠠ᠂ ᠵᠠᠰᠠᠭ ᠵᠠᠬᠢᠷᠭᠠᠨ ᠤ ᠣᠯᠭᠤᠬᠤ ᠵᠡᠷᠭᠡ ᠭᠤᠶᠤᠴᠢᠯᠠᠯ ᠢ ᠦᠨᠳᠦᠰᠦᠯᠡᠭᠰᠡᠨ ᠵᠠᠰᠠᠭ ᠵᠠᠬᠢᠷᠭᠠᠨ ᠤ | ᠵᠦᠢᠯᠡᠰ ᠢ ᠬᠦᠢᠴᠡᠳᠬᠡᠬᠦ ᠳᠡᠭᠡᠨ᠂ ᠭᠡᠷᠡᠴᠢᠯᠡᠬᠦ ᠵᠦᠢᠯᠡᠰ ᠢ ᠮᠡᠳᠡᠭᠳᠡᠵᠦ ᠠᠮᠠᠯᠠᠭᠤᠯᠬᠤ ᠲᠦᠷᠢᠮ ᠢ ᠪᠥᠬᠦ ᠲᠠᠯ᠎ᠠ ᠪᠠᠷ | ᠬᠡᠷᠡᠭᠵᠢᠭᠦᠯᠵᠦ᠂ ︽ᠭᠡᠷᠡᠴᠢᠯᠡᠯ ᠥᠬᠡᠶ ᠪᠣᠯᠭᠠᠬᠤ︾ ᠥᠭᠡᠷᠡᠴᠢᠯᠡᠯᠲᠡ ᠶᠢ ᠦᠷᠭᠦᠯᠵᠢᠯᠡᠨ ᠠᠬᠢᠭᠤᠯᠤᠨ᠎ᠠ᠃ ︵ | ᠬᠤᠲᠠ ᠶᠢᠨ ᠬᠠᠤᠯᠢ ᠴᠠᠭᠠᠵᠠ ᠶᠢᠨ ᠲᠣᠪᠴᠢᠶ᠎ᠠ︶ | 11. ︽ᠭᠤᠷᠪᠠ ᠶᠢ ᠲᠥᠪᠯᠡᠷᠡᠭᠦᠯᠵᠦ ᠭᠤᠷᠪᠠ ᠶᠢ ᠪᠣᠳᠠᠲᠠᠶᠢᠵᠢᠭᠤᠯᠬᠤ︾ ᠲᠦᠷᠢᠮ ᠢ ᠴᠢᠩᠭ᠎ᠠ | ᠨᠠᠶᠢᠳᠠᠪᠤᠷᠢᠵᠢᠭᠤᠯᠤᠨ᠂ ᠬᠢᠨᠠᠨ ᠵᠥᠪᠰᠢᠶᠡᠷᠡᠬᠦ ᠦᠢᠯᠡᠴᠢᠯᠡᠭᠡᠨ ᠤ ᠵᠦᠢᠯᠡᠰ ᠢ ᠬᠦᠢᠴᠡᠳᠬᠡᠬᠦ ᠶᠠᠪᠤᠴᠠ ᠳᠤ ᠣᠷᠣᠰᠢᠵᠤ | ᠪᠠᠶᠢᠭ᠎ᠠ ︽ᠪᠡᠶ᠎ᠡ ᠶᠢᠨ ᠭᠠᠳᠠᠨ᠎ᠠ ᠡᠷᠭᠢᠯᠳᠦᠭᠦᠯᠬᠦ︾ ᠪᠠ ︽ᠳᠠᠯᠳᠠ ᠬᠢᠨᠠᠨ ᠵᠥᠪᠰᠢᠶᠡᠷᠡᠬᠦ︾ ᠠᠰᠠᠭᠤᠳᠠᠯ ᠢ | ᠭᠦᠨᠵᠡᠭᠡᠶ ᠡᠷᠢᠵᠦ᠂ ᠠᠵᠤ ᠠᠬᠤᠶᠢᠯᠠᠯ ᠣᠯᠠᠨ ᠲᠦᠮᠡᠨ ᠤ ᠠᠵᠢᠯ ᠶᠠᠪᠤᠳᠠᠯ ᠬᠦᠢᠴᠡᠳᠬᠡᠬᠦ ᠳᠤ ︽ᠨᠢᠭᠡ ᠯᠡ | ᠡᠭᠦᠳᠡ ᠪᠠᠷ ᠣᠷᠣᠬᠤ︾ ᠶᠢ ᠦᠨᠡᠨᠬᠦ ᠪᠠᠲᠤᠯᠠᠨ᠎ᠠ᠃ ︵ᠬᠤᠲᠠ ᠶᠢᠨ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠪᠠ | ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ︶ | | ᠬᠤᠶᠠᠷ᠂ ᠪᠠᠯᠠ ᠣᠷᠣᠭᠤᠯᠤᠯᠲᠠ ᠶᠢᠨ ᠣᠷᠴᠢᠨ ᠲᠣᠭᠤᠷᠢᠨ ᠢ ᠪᠥᠬᠦ ᠲᠠᠯ᠎ᠠ ᠪᠠᠷ ᠰᠢᠯᠢᠳᠡᠭᠵᠢᠬᠦᠯᠦᠨ᠎ᠡ | ︵ᠨᠢᠭᠡ︶ ᠪᠠᠯᠠ ᠣᠷᠣᠭᠤᠯᠵᠤ ᠪᠥᠲᠥᠭᠡᠨ ᠪᠠᠶᠢᠭᠤᠯᠬᠤ ᠳᠤ ᠲᠥᠬᠦᠮ ᠦᠵᠡᠭᠦᠯᠬᠦ ᠬᠡᠮᠵᠢᠶ᠎ᠡ ᠪᠠᠨ | ᠳᠡᠭᠡᠭᠰᠢᠯᠡᠭᠦᠯᠦᠨ᠎ᠡ | 12. ᠭᠤᠤᠯᠳᠠᠯᠭ᠎ᠠ ᠲᠠᠢ ᠪᠠᠯᠠ ᠣᠷᠣᠭᠤᠯᠤᠯᠲᠠ ᠶᠢᠨ ᠪᠥᠲᠥᠭᠡᠨ ᠪᠠᠶᠢᠭᠤᠯᠤᠯᠲᠠ᠂ ᠴᠢᠬᠤᠯᠠ ᠶᠡᠭᠡ | ᠬᠤᠳᠠᠯᠳᠤᠭᠠᠴᠢᠨ ᠤᠷᠢᠵᠤ ᠪᠠᠯᠠ ᠣᠷᠣᠭᠤᠯᠬᠤ ᠪᠠ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ | ᠲᠥᠷᠥᠯ᠂ ᠤᠯᠤᠰ ᠠᠴᠠ ᠵᠣᠷᠢᠭᠵᠢᠭᠤᠯᠬᠤ ᠲᠥᠷᠥᠯ ᠵᠦᠢᠯ ᠵᠡᠷᠭᠡ ᠲᠥᠷᠥᠯ ᠵᠦᠢᠯ ᠳᠤ ᠣᠷᠣᠯᠠᠨ ᠬᠦᠢᠴᠡᠳᠬᠡᠬᠦ | ᠬᠠᠪᠰᠤᠷᠤᠨ ᠬᠦᠢᠴᠡᠳᠬᠡᠬᠦ ᠦᠢᠯᠡᠴᠢᠯᠡᠭᠡ ᠬᠠᠩᠭᠠᠵᠤ᠂ ︽ᠵᠥᠪᠳᠡᠯᠴᠡᠨ ᠬᠠᠮᠲᠤᠷᠠᠨ ᠬᠢᠨᠠᠬᠤ︾ ᠠᠵᠢᠯ ᠤᠨ | ᠲᠣᠭᠲᠠᠴᠠ ᠶᠢ ᠪᠦᠷᠢᠨᠰᠢᠬᠦᠯᠵᠦ᠂ ᠲᠥᠷᠥᠯ ᠵᠦᠢᠯ ᠤᠨ ᠦᠨ᠎ᠡ ᠲᠥᠯᠥᠪᠦᠷᠢ ᠥᠬᠡᠶ ᠪᠠᠷ ᠣᠷᠣᠯᠠᠨ ᠬᠦᠢᠴᠡᠳᠬᠡᠬᠦ | ᠬᠠᠪᠰᠤᠷᠤᠨ ᠬᠦᠢᠴᠡᠳᠬᠡᠬᠦ ᠦᠢᠯᠡᠴᠢᠯᠡᠭᠡᠨ ᠤ ᠲᠤᠰᠬᠠᠶ ᠲᠤᠰᠢᠶᠠᠯᠲᠠᠨ ᠤ ᠲᠣᠭᠲᠠᠴᠠ ᠶᠢ ᠪᠠᠶᠢᠭᠤᠯᠵᠤ᠂ ︽ᠠᠵᠤ | ᠠᠬᠤᠶᠢᠯᠠᠯ ᠭᠦᠶᠦᠵᠦ︾ ᠪᠠᠶᠢᠭᠰᠠᠨ ᠠᠴᠠ ᠪᠠᠨ ︽ᠵᠠᠰᠠᠭ ᠤᠨ ᠣᠷᠳᠣᠨ ᠬᠦᠶᠦᠭᠦ︾ ᠪᠤᠯᠭᠠᠨ ᠬᠤᠪᠢᠷᠠᠭᠤᠯᠬᠤ ᠶᠢ | ᠪᠡᠶᠡᠯᠡᠭᠦᠯᠦᠨ᠎ᠡ᠃ ︵ᠬᠤᠲᠠ ᠶᠢᠨ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ ᠪᠠ ᠵᠠᠰᠠᠭ ᠤᠨ ᠶᠠᠪᠤᠳᠠᠯ ᠤᠨ | ᠦᠢᠯᠡᠴᠢᠯᠡᠭᠡᠨ ᠤ ᠲᠣᠪᠴᠢᠶ᠎ᠠ︶ | 13. ᠲᠥᠷᠥᠯ ᠵᠦᠢᠯ ᠢᠶᠠᠷ ᠬᠤᠯᠪᠤᠭᠠᠯᠠᠨ ᠲᠠᠭᠠᠭᠠᠴᠢᠯᠠᠬᠤ ᠪᠠ ᠠᠵᠢᠯ ᠤᠨ ᠲᠤᠰᠬᠠᠶ ᠪᠠᠭ ᠤᠨ | ᠲᠣᠭᠲᠠᠴᠠ ᠶᠢ ᠪᠠᠶᠢᠭᠤᠯᠤᠨ ᠲᠡᠭᠦᠯᠳᠡᠷᠵᠢᠭᠦᠯᠵᠦ᠂ ᠤᠳᠤᠷᠢᠳᠬᠤ ᠺᠠᠳ᠋ᠷᠴᠣᠳ ᠤᠨ ᠬᠤᠯᠪᠤᠭᠠᠯᠠᠨ ᠲᠠᠭᠠᠭᠠᠴᠢᠯᠠᠬᠤ | ᠬᠠᠷᠢᠭᠤᠴᠠᠯᠭ᠎ᠠ ᠶᠢ ᠪᠣᠳᠠᠲᠠᠶᠢᠵᠢᠭᠤᠯᠤᠨ᠂ ︽ᠨᠢᠭᠡ ᠠᠵᠤ ᠠᠬᠤᠶᠢᠯᠠᠯ ᠳᠤ ᠨᠢᠭᠡ ᠲᠥᠷᠥ ᠶᠢᠨ ᠪᠣᠳᠣᠯᠭ᠎ᠠ︾ ᠶᠢᠨ | ᠲᠤᠰᠬᠠᠶ ᠪᠠᠭ ᠤᠨ ᠮᠠᠶ᠋ᠢᠭ ᠤᠨ ᠬᠤᠯᠪᠤᠭᠠᠯᠠᠨ ᠲᠠᠭᠠᠭᠠᠴᠢᠯᠠᠬᠤ ᠦᠢᠯᠡᠴᠢᠯᠡᠭᠡ ᠶᠢ ᠬᠡᠷᠡᠭᠵᠢᠭᠦᠯᠵᠦ᠂ ᠲᠥᠷᠥᠯ ᠵᠦᠢᠯ | ᠤᠨ ᠭᠠᠷᠳᠠᠮ ᠢ ᠬᠦᠢᠴᠡᠳᠬᠡᠬᠦ᠂ ᠬᠦᠴᠦᠨ ᠵᠦᠢᠯ ᠢ ᠪᠠᠲᠤᠯᠠᠬᠤ᠂ ᠠᠰᠠᠭᠤᠳᠠᠯ ᠢ ᠰᠢᠢᠳᠪᠦᠷᠢᠯᠡᠬᠦ ᠵᠡᠷᠭᠡ ᠭᠤᠭᠴᠤᠭ᠎ᠠ | ᠨᠢᠭᠡᠪᠦᠷᠢ ᠶᠢ ᠠᠩᠬᠠᠷᠴᠤ᠂ ᠲᠥᠷᠥᠯ ᠵᠦᠢᠯ ᠤᠨ ᠤᠷᠤᠭᠰᠢᠲᠠᠶ ᠬᠡᠷᠡᠭᠵᠢᠭᠦᠯᠦᠭᠳᠡᠬᠦ ᠶᠢ ᠪᠦᠲᠦᠮᠵᠢᠲᠡᠶ ᠪᠠᠲᠤᠯᠠᠨ᠎ᠠ᠃ ︵ | ᠬᠤᠳᠠ ᠶᠢᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ︶ | ︵ᠬᠤᠶᠠᠷ︶ ᠪᠥᠳᠥᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠬᠢᠨᠠᠨ ᠵᠦᠪᠰᠢᠶᠡᠷᠡᠯ ᠤᠨ ᠦᠷ᠎ᠡ | ᠪᠦᠲᠦᠮᠵᠢ ᠪᠠᠨ ᠳᠡᠭᠡᠭᠰᠢᠯᠡᠭᠦᠯᠦᠨ᠎ᠡ | 14. ᠪᠠᠷᠢᠯᠭ᠎ᠠ ᠶᠢᠨ ᠵᠢᠷᠤᠭ ᠤᠨ ᠵᠢᠷᠤᠭ ᠲᠥᠯᠥᠪᠯᠡᠭᠡ ᠶᠢᠨ ᠪᠢᠴᠢᠭ ᠮᠠᠲ᠋ᠧᠷᠢᠶᠠᠯ ᠢ ᠬᠢᠨᠠᠨ ᠪᠠᠶᠢᠴᠠᠭᠠᠬᠤ | ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠪᠠᠷᠢᠯᠭ᠎ᠠ ᠶᠢᠨ ᠵᠢᠷᠤᠭ ᠢ ᠬᠢᠨᠠᠨ ᠪᠠᠶᠢᠴᠠᠭᠠᠬᠤ ᠠᠴᠠ ᠭᠡᠯᠳᠦᠷᠢᠭᠦᠯᠬᠦ | ᠲᠥᠷᠥᠯ ᠵᠦᠢᠯ ᠤᠨ ᠲᠥᠷᠥᠯ ᠬᠡᠯᠪᠡᠷᠢ ᠶᠢᠨ ᠨᠠᠷᠢᠨ ᠬᠠᠭᠤᠳᠠᠰᠤ ᠶᠢ ᠨᠡᠶᠢᠲᠡᠯᠡᠨ᠎ᠡ᠃ ︵ᠬᠤᠳᠠ ᠶᠢᠨ ᠣᠷᠣᠨ | ᠰᠠᠭᠤᠴᠠ ᠪᠠ ᠬᠤᠳᠠ ᠬᠥᠳᠡᠭᠡ ᠶᠢᠨ ᠪᠦᠳᠦᠭᠡᠨ ᠪᠠᠶᠢᠭᠤᠯᠤᠯᠲᠠ ᠶᠢᠨ ᠲᠣᠪᠴᠢᠶ᠎ᠠ︶ | 15. ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠠᠷᠢᠯᠭ᠎ᠠ ᠶᠢᠨ ᠪᠥᠲᠥᠭᠡᠨ | ᠪᠠᠶᠢᠭᠤᠯᠤᠯᠲᠠ ᠶᠢᠨ ᠲᠥᠷᠥᠯ ᠵᠦᠢᠯ ᠤᠨ ︿ᠣᠯᠠᠨ ᠬᠡᠮᠵᠢᠯᠲᠡ ᠶᠢ ᠨᠡᠶᠢᠯᠡᠭᠦᠯᠦᠨ ᠨᠢᠭᠡ ᠪᠣᠯᠭᠠᠬᠤ﹀ ᠮᠡᠷᠭᠡᠵᠢᠯ ᠤᠨ | ᠲᠦᠷᠢᠮ ︵ᠲᠤᠷᠰᠢᠨ ᠬᠡᠷᠡᠭᠵᠢᠭᠦᠯᠬᠦ︶︾ ᠢ ᠴᠢᠩᠭ᠎ᠠ ᠬᠡᠷᠡᠭᠵᠢᠭᠦᠯᠵᠦ᠂ ︽ᠣᠯᠠᠨ ᠬᠡᠮᠵᠢᠯᠲᠡ ᠶᠢ ᠨᠡᠶᠢᠯᠡᠭᠦᠯᠦᠨ | ᠨᠢᠭᠡ ᠪᠣᠯᠭᠠᠬᠤ︾ ᠬᠡᠮᠵᠢᠨ ᠵᠢᠷᠤᠭᠰᠠᠨ ᠦᠷ᠎ᠡ ᠪᠦᠲᠦᠭᠡᠯ ᠢ ᠪᠠᠷᠢᠯᠭ᠎ᠠ ᠶᠢᠨ ᠲᠥᠷᠥᠯ ᠵᠦᠢᠯ ᠢ ᠰᠢᠯᠭᠠᠨ ᠠᠪᠬᠤ᠂ | ᠳᠠᠩᠰᠠᠯᠠᠬᠤ ᠵᠡᠷᠭᠡ ᠱᠠᠲᠤ ᠦᠶ᠎ᠡ ᠳᠤ ᠡᠯ᠎ᠡ ᠰᠠᠯᠠᠭ᠎ᠠ ᠮᠥᠴᠢᠷ ᠤᠳ ᠬᠠᠮᠲᠤᠪᠠᠷ ᠭᠥᠷᠳᠡᠬᠦ ᠪᠠ ᠬᠡᠷᠡᠭᠯᠡᠬᠦ ᠶᠢ | ᠴᠢᠩᠭᠠᠷᠠᠭᠤᠯᠤᠨ᠂ ᠳᠠᠪᠬᠤᠷᠳᠠᠭᠤᠯᠤᠨ ᠬᠡᠮᠵᠢᠨ ᠵᠢᠷᠤᠬᠤ ᠠᠴᠠ ᠵᠠᠶᠢᠯᠠᠰᠬᠢᠬᠦ ᠬᠡᠷᠡᠭᠲᠡᠶ᠃ ︽ᠣᠯᠠᠨ | ᠲᠥᠯᠥᠪᠵᠢᠭᠦᠯᠭᠡ ᠶᠢ ᠨᠢᠭᠡᠳᠬᠡᠵᠦ᠂ ᠨᠢᠭᠡ ᠵᠢᠷᠤᠭ ᠲᠥᠯᠥᠪᠯᠡᠭᠡ ᠲᠠᠢ ᠪᠠᠶᠢᠯᠭᠠᠬᠤ︾ ᠲᠤᠭ᠎ᠠ ᠪᠠᠷᠢᠮᠲᠠ ᠶᠢᠨ | ᠰᠢᠰᠲ᠋ᠧᠮ ᠵᠢᠴᠢ ᠲᠤᠬᠠᠶᠢᠯᠠᠭᠰᠠᠨ ᠠᠵᠢᠯ ᠤᠨ ᠬᠠᠮᠵᠢᠯᠴᠠᠬᠤ ᠲᠠᠪᠴᠠᠩ ᠢ ᠬᠡᠷᠡᠭᠯᠡᠨ᠂ ᠰᠢᠨ᠎ᠡ ᠪᠠᠷ ᠪᠠᠶᠢᠭᠤᠯᠬᠤ | ᠲᠥᠷᠥᠯ ᠵᠦᠢᠯ ᠳᠤ ᠰᠢᠨᠵᠢᠯᠡᠬᠦ ᠤᠬᠠᠭᠠᠨᠴᠢ᠂ ᠳᠥᠭᠦᠮ ᠳᠥᠲᠡ ᠡᠮᠦᠨᠡᠬᠢ ᠬᠤᠭᠤᠴᠠᠭᠠᠨ ᠤ ᠲᠥᠰᠦᠪᠯᠡᠬᠦ | ᠦᠢᠯᠡᠴᠢᠯᠡᠭᠡ ᠬᠠᠩᠭᠠᠨ᠎ᠠ᠃ ︵ᠬᠤᠲᠠ ᠶᠢᠨ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ︶ | 16. ᠪᠠᠷᠢᠯᠭ᠎ᠠ ᠶᠢᠨ ᠪᠥᠲᠥᠭᠡᠨ ᠪᠠᠶᠢᠭᠤᠯᠤᠯᠲᠠ ᠶᠢᠨ ᠲᠥᠷᠥᠯ ᠵᠦᠢᠯ ᠢ ᠬᠢᠨᠠᠨ ᠵᠥᠪᠰᠢᠶᠡᠷᠡᠬᠦ ᠳᠤ | ᠬᠤᠯᠪᠣᠭᠳᠠᠬᠤ ᠵᠠᠭᠤᠴᠢᠯᠠᠬᠤ ᠦᠢᠯᠡᠴᠢᠯᠡᠭᠡᠨ ᠤ ᠵᠦᠢᠯᠡᠰ ᠤᠨ ᠬᠠᠮᠢᠶᠠᠷᠤᠯᠲᠠ ᠶᠢᠨ ᠠᠵᠢᠯ ᠢ ᠥᠷᠨᠢᠭᠦᠯᠵᠦ᠂ | ᠪᠠᠷᠢᠯᠭ᠎ᠠ ᠶᠢᠨ ᠪᠥᠲᠥᠭᠡᠨ ᠪᠠᠶᠢᠭᠤᠯᠤᠯᠲᠠ ᠶᠢᠨ ᠲᠥᠷᠥᠯ ᠵᠦᠢᠯ ᠢ ᠬᠢᠨᠠᠨ ᠵᠥᠪᠰᠢᠶᠡᠷᠡᠬᠦ ᠳᠤ ᠬᠤᠯᠪᠣᠭᠳᠠᠬᠤ | ᠵᠠᠭᠤᠴᠢᠯᠠᠬᠤ ᠦᠢᠯᠡᠴᠢᠯᠡᠭᠡᠨ ᠤ ᠡᠭᠦᠷᠭᠡ ᠶᠢ ᠢᠯᠭᠠᠷᠠᠭᠤᠯᠤᠨ ᠪᠠᠷᠢᠯᠭ᠎ᠠ ᠶᠢᠨ ᠪᠥᠲᠥᠭᠡᠨ ᠪᠠᠶᠢᠭᠤᠯᠤᠯᠲᠠ ᠶᠢᠨ | ᠲᠥᠷᠥᠯ ᠵᠦᠢᠯ ᠢ ᠬᠢᠨᠠᠨ ᠵᠥᠪᠰᠢᠶᠡᠷᠡᠬᠦ ᠳᠤ ᠬᠤᠯᠪᠣᠭᠳᠠᠬᠤ ᠵᠠᠭᠤᠴᠢᠯᠠᠬᠤ ᠦᠢᠯᠡᠴᠢᠯᠡᠭᠡᠨ ᠤ ᠵᠦᠢᠯᠡᠰ ᠤᠨ ᠨᠠᠷᠢᠨ | ᠬᠠᠭᠤᠳᠠᠰᠤ ᠶᠢ ᠲᠣᠭᠲᠠᠭᠠᠵᠤ᠂ ︽ᠶᠠᠰᠤ ᠴᠢᠨᠠᠷ + ᠢᠲᠡᠭᠡᠯ ᠬᠦᠨᠳᠦ︾ ᠶᠢᠨ ᠬᠤᠤᠰ ᠬᠦᠢᠴᠡᠳᠬᠡᠯ ᠲᠤᠭ᠎ᠠ ᠶᠢᠨ | ᠬᠠᠮᠢᠶᠠᠷᠤᠯᠲᠠ ᠶᠢ ᠬᠡᠷᠡᠭᠵᠢᠭᠦᠯᠦᠨ᠂ ᠲᠥᠷᠥᠯ ᠵᠦᠢᠯ ᠢ ᠬᠢᠨᠠᠨ ᠵᠥᠪᠰᠢᠶᠡᠷᠡᠬᠦ ᠠᠵᠢᠯ ᠲᠥᠷᠥᠯ ᠤᠨ ᠭᠤᠤᠯᠴᠢᠯᠠᠨ | ᠬᠠᠮᠢᠶᠠᠷᠬᠤ ᠰᠠᠯᠠᠭ᠎ᠠ ᠮᠥᠴᠢᠷ ᠪᠣᠯᠤᠨ ᠲᠥᠷᠥᠯ ᠵᠦᠢᠯ ᠤᠨ ᠨᠠᠶᠢᠳᠠᠭᠰᠠᠨ ᠨᠢᠭᠡᠴᠡ ᠠᠴᠠ ᠪᠡᠶᠡᠯᠡᠭᠦᠯᠬᠦ ᠴᠠᠭ ᠤᠨ | ᠬᠢᠵᠠᠭᠠᠷ᠂ ᠦᠢᠯᠡᠴᠢᠯᠡᠭᠡᠨ ᠤ ᠶᠠᠰᠤ ᠴᠢᠨᠠᠷ᠂ ᠦᠨᠡᠨᠴᠢ ᠢᠲᠡᠭᠡᠮᠵᠢᠲᠡᠶ ᠪᠠᠶᠢᠬᠤ ᠵᠡᠷᠭᠡ ᠲᠠᠯ᠎ᠠ ᠪᠠᠷ ᠶᠡᠷᠦᠩᠬᠡᠶᠢᠯᠡᠨ | ᠦᠨᠡᠯᠡᠬᠦ ᠶᠢᠨ ᠬᠠᠮᠲᠤ ᠦᠷ᠎ᠡ ᠳ᠋ᠦᠩ ᠢ ᠢᠯᠡ ᠪᠣᠯᠭᠠᠨ᠎ᠠ᠃ ︵ᠬᠤᠳᠠ ᠶᠢᠨ ᠬᠥᠭᠵᠢᠭᠦᠯᠦᠯᠲᠡ ᠪᠠ | ᠥᠭᠡᠷᠡᠴᠢᠯᠡᠯᠲᠡ ᠶᠢᠨ ᠵᠥᠪᠯᠡᠯ︶ | 17. ᠣᠷᠣᠨ ᠪᠦᠰᠡ ᠶᠢᠨ ᠦᠨᠡᠯᠡᠨ ᠵᠢᠱᠢᠬᠦ ᠬᠠᠮᠲᠤᠷᠠᠭᠰᠠᠨ ᠬᠤᠷᠠᠯ ᠤᠨ ᠲᠦᠷᠢᠮ ᠢ ᠪᠠᠶᠢᠭᠤᠯᠵᠤ᠂ ᠡᠯ᠎ᠡ | ᠬᠦᠷᠢᠶᠡᠯᠡᠩ ᠲᠣᠭᠤᠷᠢᠭ ᠪᠣᠯᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠤᠳ ᠦᠨᠡᠯᠡᠨ ᠵᠢᠱᠢᠭᠰᠡᠨ ᠦᠷ᠎ᠡ | ᠳ᠋ᠦᠩ ᠢᠶᠠᠨ ᠴᠠᠭ ᠲᠤᠬᠠᠶ ᠳᠤᠨᠢ ᠢᠯᠡ ᠪᠣᠯᠭᠠᠬᠤ ᠬᠡᠷᠡᠭᠲᠡᠶ᠃ ᠨᠢᠭᠡᠨᠲᠡ ᠪᠡᠶᠡᠯᠡᠭᠦᠯᠦᠭᠰᠡᠨ ᠣᠷᠣᠨ ᠪᠦᠰᠡ ᠶᠢᠨ | ᠦᠨᠡᠯᠡᠨ ᠵᠢᠱᠢᠭᠰᠡᠨ ᠦᠷ᠎ᠡ ᠪᠦᠲᠦᠭᠡᠯ ᠤᠨ ᠬᠡᠷᠡᠭᠯᠡᠯᠲᠡ ᠶᠢᠨ ᠡᠷᠴᠢᠮ ᠢᠶᠠᠨ ᠦᠷᠭᠦᠯᠵᠢᠯᠡᠨ ᠴᠢᠩᠭᠠᠷᠠᠭᠤᠯᠵᠤ᠂ | ᠣᠷᠣᠨ ᠪᠦᠰᠡ ᠶᠢᠨ ᠦᠨᠡᠯᠡᠨ ᠵᠢᠱᠢᠯᠲᠡ ᠶᠢ ᠪᠠᠷᠢᠯᠭ᠎ᠠ ᠶᠢᠨ ᠪᠥᠲᠥᠭᠡᠨ ᠪᠠᠶᠢᠭᠤᠯᠤᠯᠲᠠ ᠶᠢᠨ ᠲᠥᠷᠥᠯ ᠵᠦᠢᠯ ᠤᠨ | ᠬᠢᠨᠠᠨ ᠵᠥᠪᠰᠢᠶᠡᠷᠡᠬᠦ ᠬᠠᠮᠢᠶᠠᠷᠤᠯᠲᠠ ᠶᠢᠨ ᠰᠢᠰᠲ᠋ᠧᠮ ᠳᠤ ᠰᠢᠭᠢᠳᠬᠡᠨ ᠣᠷᠣᠭᠤᠯᠤᠨ᠎ᠠ᠃ ᠵᠠᠬ᠎ᠠ ᠳᠡᠯᠭᠡᠭᠦᠷ ᠤᠨ | ᠭᠤᠤᠯ ᠴᠣᠭᠴᠠ ᠨᠢ ᠨᠢᠭᠡᠨᠲᠡ ᠶᠡᠷᠦᠩᠬᠡᠶᠢᠯᠡᠨ ᠦᠨᠡᠯᠡᠨ ᠵᠢᠱᠢᠬᠦ ᠶᠢ ᠪᠡᠶᠡᠯᠡᠭᠦᠯᠦᠭᠰᠡᠨ ᠣᠷᠣᠨ ᠪᠦᠰᠡ ᠶᠢᠨ ᠪᠥᠲᠥᠭᠡᠨ | ᠪᠠᠶᠢᠭᠤᠯᠤᠯᠲᠠ ᠶᠢᠨ ᠲᠥᠷᠥᠯ ᠵᠦᠢᠯ ᠳᠤ᠂ ᠳᠠᠭᠢᠵᠤ ᠵᠣᠬᠢᠬᠤ ᠦᠨᠡᠯᠡᠨ ᠵᠢᠱᠢᠵᠦ ᠬᠢᠨᠠᠨ ᠲᠣᠭᠲᠠᠭᠠᠬᠤ ᠴᠢᠬᠤᠯᠠ 365bet400电话_365bet亚洲官方_www.28365-365.com | ᠥᠬᠡᠶ ᠪᠠᠶᠢᠵᠤ᠂ ᠦᠨᠡᠯᠡᠨ ᠵᠢᠱᠢᠭᠰᠡᠨ ᠦᠷ᠎ᠡ ᠳ᠋ᠦᠩ ᠢ ᠬᠠᠷᠢᠯᠴᠠᠨ ᠮᠡᠳᠡᠷᠡᠬᠦ ᠶᠢ ᠪᠡᠶᠡᠯᠡᠭᠦᠯᠦᠨ᠎ᠡ᠃ ︵ᠬᠤᠲᠠ ᠶᠢᠨ | ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ᠂ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠲᠣᠪᠴᠢᠶ᠎ᠠ︶ | | 18. ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠢ ᠬᠢᠨᠠᠨ ᠵᠥᠪᠰᠢᠶᠡᠷᠡᠬᠦ | ᠬᠠᠮᠢᠶᠠᠷᠤᠯᠲᠠ ᠶᠢᠨ ᠰᠢᠰᠲ᠋ᠧᠮ ᠢ ᠲᠡᠭᠦᠯᠳᠡᠷᠵᠢᠭᠦᠯᠵᠦ᠂ ᠪᠠᠷᠢᠯᠭ᠎ᠠ ᠶᠢᠨ ᠪᠥᠲᠥᠭᠡᠨ ᠪᠠᠶᠢᠭᠤᠯᠤᠯᠲᠠ ᠶᠢᠨ ᠲᠥᠷᠥᠯ | ᠵᠦᠢᠯ ᠢ ᠲᠥᠷᠥᠯ ᠵᠦᠢᠯ ᠲᠣᠭᠲᠠᠭᠠᠬᠤ ᠠᠴᠠ ᠠᠵᠢᠯ ᠳᠠᠭᠤᠰᠤᠭᠰᠠᠨ ᠢ ᠰᠢᠯᠭᠠᠨ ᠠᠪᠬᠤ ᠪᠠ ᠣᠯᠠᠨ ᠨᠡᠶᠢᠲᠡ ᠶᠢᠨ | ᠪᠡᠯᠡᠳᠬᠡᠮᠵᠢ ᠶᠢ ᠵᠠᠯᠭᠠᠨ ᠣᠷᠣᠭᠤᠯᠬᠤ ᠦᠢᠯᠡᠴᠢᠯᠡᠭᠡᠨ ᠤ ᠪᠥᠬᠦ ᠴᠤᠪᠤᠷᠠᠯ ᠵᠢᠴᠢ ᠬᠢᠨᠠᠨ ᠵᠥᠪᠰᠢᠶᠡᠷᠡᠬᠦ | ᠦᠢᠯᠡᠴᠢᠯᠡᠭᠡᠨ ᠤ ᠵᠦᠢᠯᠡᠰ ᠢ ᠪᠦᠬᠦᠨ ᠢ ᠰᠦᠯᠵᠢᠶᠡᠨ ᠳᠡᠭᠡᠷ᠎ᠡ ᠬᠦᠢᠴᠡᠳᠬᠡᠬᠦ ᠶᠢ ᠪᠡᠶᠡᠯᠡᠭᠦᠯᠵᠦ᠂ ᠨᠢᠭᠡᠳᠦᠯᠲᠡᠶ | ᠣᠷᠣᠭᠤᠯᠬᠤ᠂ ᠨᠢᠭᠡᠳᠦᠯᠲᠡᠶ ᠭᠤᠶᠤᠴᠢᠯᠠᠨ ᠮᠡᠳᠡᠭᠦᠯᠬᠦ᠂ ᠴᠤᠪᠤᠷᠠᠯ ᠢ ᠲᠥᠷᠥᠯ ᠬᠤᠪᠢᠶᠠᠬᠤ᠂ ᠨᠢᠭᠡᠳᠦᠯᠲᠡᠶ | ᠮᠠᠲ᠋ᠧᠷᠢᠶᠠᠯ ᠭᠠᠷᠭᠠᠬᠤ ᠶᠢ ᠪᠡᠶᠡᠯᠡᠭᠦᠯᠦᠨ᠂ ᠬᠡᠷ ᠪᠠᠶᠢᠰᠢᠩ ᠤᠨ ᠪᠠᠷᠢᠯᠭ᠎ᠠ ᠪᠠ ᠬᠤᠲᠠ ᠶᠢᠨ ᠶᠠᠪᠤᠳᠠᠯ ᠤᠨ ᠰᠠᠭᠤᠷᠢ | ᠪᠡᠯᠡᠳᠬᠡᠮᠵᠢ ᠶᠢᠨ ᠢᠨᠵᠧᠨᠧᠷᠢᠩ ᠤᠨ ᠲᠥᠷᠥᠯ ᠵᠦᠢᠯ ᠢ ᠪᠦᠬᠦᠨ ᠢ ᠬᠠᠮᠤᠷᠬᠤ᠂ ᠬᠢᠨᠠᠨ ᠵᠥᠪᠰᠢᠶᠡᠷᠡᠬᠦ ᠪᠥᠬᠦ ᠴᠤᠪᠤᠷᠠᠯ | ᠂ ᠲᠤᠭ᠎ᠠ ᠪᠠᠷᠢᠮᠲᠠ ᠶᠢ ᠪᠦᠬᠦᠨ ᠢ ᠴᠤᠭᠯᠠᠭᠤᠯᠬᠤ ᠶᠢ ᠪᠡᠶᠡᠯᠡᠭᠦᠯᠦᠨ᠎ᠡ᠃ ︵ᠬᠤᠲᠠ ᠶᠢᠨ ᠣᠷᠣᠨ ᠰᠠᠭᠤᠴᠠ ᠪᠠ | ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ᠂ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠪᠠ | ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ︶ | 19. ᠲᠥᠷᠥᠯ ᠵᠦᠢᠯ ᠤᠨ ᠨᠥᠭᠡᠴᠡᠯᠡᠬᠦ ᠬᠥᠮᠥᠷᠭᠡ ᠪᠠ ᠬᠡᠷᠡᠭᠵᠢᠭᠦᠯᠬᠦ ᠬᠥᠮᠥᠷᠭᠡ ᠶᠢᠨ ᠬᠢᠨᠠᠨ | ᠬᠠᠷᠭᠤᠭᠤᠯᠤᠯᠲᠠ ᠶᠢ ᠰᠠᠶᠢᠲᠤᠷ ᠠᠳᠬᠤᠵᠤ᠂ ᠲᠥᠷᠥᠯ ᠵᠦᠢᠯ ᠤᠨ ᠨᠢᠭᠡᠴᠡ ᠲᠠᠢ ᠰᠠᠨᠠᠭᠠᠴᠢᠯᠠᠭ᠎ᠠ ᠠᠴᠠ ᠪᠠᠨ | ᠵᠣᠯᠭᠠᠭᠤᠯᠵᠤ᠂ ᠲᠥᠷᠥ ᠶᠢᠨ ᠪᠣᠳᠣᠯᠭ᠎ᠠ ᠪᠠᠷ ᠬᠠᠪᠰᠤᠷᠤᠨ ᠵᠢᠯᠣᠭᠤᠳᠬᠤ᠂ ᠲᠥᠯᠥᠪᠵᠢᠭᠦᠯᠭᠡ ᠪᠠᠷ ᠬᠥᠲᠥᠯᠦᠨ | ᠵᠢᠯᠣᠭᠤᠳᠬᠤ᠂ ᠲᠤᠬᠠᠶᠢᠯᠠᠭᠰᠠᠨ ᠠᠵᠢᠯ ᠢᠶᠠᠷ ᠵᠢᠯᠣᠭᠤᠳᠬᠤ ᠵᠡᠷᠭᠡ ᠦᠢᠯᠡᠴᠢᠯᠡᠭᠡ ᠶᠢ ᠬᠠᠩᠭᠠᠵᠤ᠂ ᠲᠥᠷᠥᠯ | ᠵᠦᠢᠯ ᠢ ᠬᠢᠨᠠᠨ ᠵᠥᠪᠰᠢᠶᠡᠷᠡᠬᠦ ᠲᠠᠰ ᠳᠠᠷᠠᠭᠠᠯᠠᠯ ᠳᠤ ᠤᠷᠢᠳᠴᠢᠯᠠᠨ ᠣᠷᠣᠯᠴᠠᠵᠤ ᠬᠠᠪᠰᠤᠷᠤᠨ ᠰᠢᠯᠤᠭᠤᠳᠬᠠᠵᠤ᠂ | ᠲᠣᠭᠤᠷᠢᠤ ᠵᠠᠮ ᠢᠶᠠᠷ ᠶᠠᠪᠤᠬᠤ᠂ ᠤᠯᠠᠭᠠᠨ ᠱᠤᠭᠤᠮ ᠢ ᠬᠦᠨᠳᠡᠬᠦ ᠠᠴᠠ ᠵᠠᠶᠢᠯᠠᠰᠬᠢᠬᠦ ᠬᠡᠷᠡᠭᠲᠡᠶ᠃ ︵ᠬᠤᠳᠠ ᠶᠢᠨ | ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ︶ | 20. ᠲᠥᠷᠥᠯ ᠵᠦᠢᠯ ᠤᠨ ᠡᠮᠦᠨᠡᠬᠢ ᠬᠤᠭᠤᠴᠠᠭᠠᠨ ᠤ ᠤᠬᠠᠭᠠᠯᠠᠨ ᠰᠡᠳᠦᠵᠦ ᠪᠠᠶᠢᠭᠤᠯᠬᠤ ᠶᠢ ᠨᠢᠭᠡᠳᠦᠯᠲᠡᠶ | ᠲᠥᠯᠥᠪᠯᠡᠨ ᠵᠣᠬᠢᠴᠠᠭᠤᠯᠵᠤ᠂ ᠠᠵᠤ ᠦᠢᠯᠡᠳᠪᠦᠷᠢ ᠶᠢᠨ ᠲᠥᠷᠥᠯ ᠵᠦᠢᠯ ᠤᠨ ᠲᠥᠰᠦᠯ ᠲᠠᠢ ᠪᠠᠷ ᠰᠢᠯᠵᠢᠭᠦᠯᠦᠨ | ᠬᠤᠳᠠᠯᠳᠤᠬᠤ᠂ ᠭᠠᠵᠠᠷ ᠰᠢᠷᠣᠶ ᠶᠢ ᠠᠪᠤᠮᠠᠭᠴᠠ ᠠᠵᠢᠯ ᠡᠬᠢᠯᠡᠭᠦᠯᠬᠦ ᠶᠢ ᠠᠯᠬᠤᠮ ᠠᠯᠬᠤᠮ ᠢᠶᠠᠷ ᠪᠡᠶᠡᠯᠡᠭᠦᠯᠵᠦ᠂ | ᠠᠵᠤ ᠠᠬᠤᠶᠢᠯᠠᠯ ᠤᠳ ᠭᠠᠵᠠᠷ ᠰᠢᠷᠣᠶ ᠶᠢ ᠰᠢᠯᠵᠢᠭᠦᠯᠦᠨ ᠬᠤᠳᠠᠯᠳᠤᠬᠤ ᠭᠡᠷ᠎ᠡ ᠲᠣᠭᠲᠠᠭᠰᠠᠨ ᠤ ᠳᠠᠷᠠᠭ᠎ᠠ᠂ 5 | ᠠᠵᠢᠯᠯᠠᠬᠤ ᠡᠳᠦᠷ ᠤᠨ ᠳᠣᠲᠣᠷ᠎ᠠ ᠪᠥᠲᠥᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠤᠨ ᠲᠥᠯᠥᠪᠵᠢᠭᠦᠯᠭᠡ ᠶᠢᠨ | ᠵᠥᠪᠰᠢᠶᠡᠷᠡᠯ ᠤᠨ ᠦᠨᠡᠮᠯᠡᠯ᠂ ᠪᠥᠲᠥᠭᠡᠨ ᠪᠠᠶᠢᠭᠤᠯᠤᠯᠲᠠ ᠶᠢᠨ ᠪᠠᠷᠢᠯᠭ᠎ᠠ ᠶᠢᠨ ᠲᠥᠯᠥᠪᠵᠢᠭᠦᠯᠭᠡ ᠶᠢᠨ | ᠵᠥᠪᠰᠢᠶᠡᠷᠡᠯ ᠤᠨ ᠦᠨᠡᠮᠯᠡᠯ᠂ ᠪᠠᠷᠢᠯᠭ᠎ᠠ ᠶᠢᠨ ᠠᠵᠢᠯ ᠬᠢᠬᠦ ᠵᠥᠪᠰᠢᠶᠡᠷᠡᠯ ᠤᠨ ᠦᠨᠡᠮᠯᠡᠯ ᠢ ᠣᠯᠭᠤᠵᠣ᠂ ᠭᠠᠵᠠᠷ | ᠰᠢᠷᠣᠶ ᠶᠢ ᠰᠢᠯᠵᠢᠭᠦᠯᠦᠨ ᠬᠤᠳᠠᠯᠳᠤᠭᠰᠠᠨ ᠮᠥᠩᠭᠦ ᠪᠠ ᠬᠤᠯᠪᠤᠭᠳᠠᠯ ᠪᠥᠬᠦᠶ ᠭᠠᠶᠢᠯᠢ ᠰᠦᠢᠳᠭᠡᠯ ᠢ ᠨᠢᠭᠡ | ᠤᠳᠠᠭ᠎ᠠ ᠳᠤ ᠲᠤᠰᠢᠶᠠᠵᠤ ᠳᠠᠭᠤᠰᠬᠠᠪᠠᠯ ᠥᠯᠥ ᠬᠥᠳᠡᠯᠬᠦ ᠬᠥᠷᠥᠩᠭᠡ ᠶᠢᠨ ᠡᠷᠬᠡ ᠶᠢᠨ ᠦᠨᠡᠮᠯᠡᠯ ᠢ ᠵᠡᠷᠭᠡ ᠳᠤᠨᠢ | ᠭᠤᠶᠤᠴᠢᠯᠠᠨ ᠬᠦᠢᠴᠡᠳᠬᠡᠵᠦ ᠪᠣᠯᠤᠨ᠎ᠠ᠃ ︵ᠬᠤᠲᠠ ᠶᠢᠨ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ︶ | 21. ᠬᠡᠷ ᠪᠠᠶᠢᠰᠢᠩ ᠤᠨ ᠪᠠᠷᠢᠯᠭ᠎ᠠ ᠪᠠ ᠬᠤᠲᠠ ᠶᠢᠨ ᠶᠠᠪᠤᠳᠠᠯ ᠤᠨ ᠰᠠᠭᠤᠷᠢ ᠪᠡᠯᠡᠳᠬᠡᠮᠵᠢ ᠶᠢᠨ | ᠪᠠᠷᠢᠯᠭ᠎ᠠ ᠶᠢᠨ ᠪᠥᠲᠥᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠪᠠᠷᠢᠯᠭ᠎ᠠ ᠳᠠᠭᠤᠰᠤᠭᠰᠠᠨ ᠢ ᠰᠢᠯᠭᠠᠨ | ᠬᠤᠷᠢᠶᠠᠬᠤ ᠶᠢᠨ ᠬᠡᠷᠡᠭᠵᠢᠭᠦᠯᠬᠦ ᠲᠥᠰᠦᠯ ᠢ ᠵᠠᠰᠠᠪᠤᠷᠢ ᠣᠷᠣᠭᠤᠯᠤᠨ ᠲᠡᠭᠦᠯᠳᠡᠷᠵᠢᠭᠦᠯᠵᠦ᠂ ᠰᠢᠨ᠎ᠡ ᠪᠠᠷ ᠪᠠᠶᠢᠭᠤᠯᠬᠤ | ᠲᠥᠷᠥᠯ ᠵᠦᠢᠯ ᠳᠤ ᠣᠯᠠᠨ ᠰᠠᠯᠠᠭ᠎ᠠ ᠮᠥᠴᠢᠷ ᠬᠠᠮᠲᠤᠷᠠᠨ ᠰᠢᠯᠭᠠᠨ ᠬᠤᠷᠢᠶᠠᠬᠤ ᠶᠢ ᠥᠷᠨᠢᠭᠦᠯᠵᠦ᠂ ᠰᠢᠯᠭᠠᠨ | ᠬᠤᠷᠢᠶᠠᠬᠤ ᠦᠢᠯᠡᠴᠢᠯᠡᠭᠡ ᠶᠢ ᠤᠯᠠᠮ ᠨᠢᠭᠡ ᠠᠯᠬᠤᠮ ᠴᠢᠩᠭᠠᠷᠠᠭᠤᠯᠤᠨ᠂ ᠪᠠᠷᠢᠯᠭ᠎ᠠ ᠳᠠᠭᠤᠰᠤᠭᠰᠠᠨ ᠢ ᠰᠢᠯᠭᠠᠨ | ᠬᠤᠷᠢᠶᠠᠬᠤ ᠴᠤᠪᠤᠷᠠᠯ ᠢ ᠡᠮᠬᠢᠯᠡᠨ ᠨᠡᠶᠢᠯᠡᠭᠦᠯᠵᠦ ᠰᠢᠯᠢᠳᠡᠭᠵᠢᠭᠦᠯᠦᠨ᠂ ᠪᠠᠷᠢᠯᠭ᠎ᠠ ᠳᠠᠭᠤᠰᠤᠭᠰᠠᠨ ᠢ ᠰᠢᠯᠭᠠᠨ | ᠬᠤᠷᠢᠶᠠᠬᠤ ᠲᠠᠰ ᠳᠠᠷᠠᠭᠠᠯᠠᠯ ᠢ ᠳᠥᠭᠦᠮᠴᠢᠯᠡᠵᠦ᠂ ︽ᠨᠢᠭᠡ ᠯᠡ ᠴᠤᠩᠬᠤᠪᠴᠢ ᠪᠠᠷ ᠭᠥᠯᠢᠶᠡᠨ ᠠᠪᠴᠤ | ᠰᠢᠢᠳᠪᠦᠷᠢᠯᠡᠬᠦ︾ ︽ᠬᠠᠮᠵᠢᠯᠴᠠᠨ ᠠᠬᠢᠭᠤᠯᠬᠤ︾ ︽ᠨᠢᠭᠡ ᠯᠡ ᠴᠣᠩᠬᠤᠪᠴᠢ ᠪᠠᠷ ᠰᠢᠯᠭᠠᠨ ᠬᠤᠷᠢᠶᠠᠭᠰᠠᠨ ᠪᠢᠴᠢᠭ | ᠭᠠᠷᠭᠠᠬᠤ︾ ᠵᠡᠷᠭᠡ ᠬᠠᠮᠲᠤᠷᠠᠨ ᠰᠢᠯᠭᠠᠨ ᠬᠤᠷᠢᠶᠠᠬᠤ ᠶᠢ ᠪᠠᠶᠠᠯᠠᠬᠦᠯᠦᠨ᠎ᠡ᠃ ︵ᠬᠤᠳᠠ ᠶᠢᠨ ᠣᠷᠣᠨ ᠰᠠᠭᠤᠴᠠ ᠪᠠ | ᠬᠤᠳᠠ ᠬᠥᠳᠡᠭᠡ ᠶᠢᠨ ᠪᠦᠳᠦᠭᠡᠨ ᠪᠠᠶᠢᠭᠤᠯᠤᠯᠲᠠ ᠶᠢᠨ ᠲᠣᠪᠴᠢᠶ᠎ᠠ︶ | 22. ᠪᠠᠯᠠ ᠣᠷᠣᠭᠤᠯᠤᠯᠲᠠ ᠶᠢᠨ ᠲᠥᠷᠥᠯ ᠵᠦᠢᠯ ᠤᠨ ᠰᠦᠯᠵᠢᠶᠡᠨ ᠳᠡᠭᠡᠷᠡᠬᠢ ᠬᠢᠨᠠᠨ ᠵᠥᠪᠰᠢᠶᠡᠷᠡᠬᠦ | ᠲᠠᠪᠴᠠᠩ ᠤᠨ ᠦᠢᠯᠡᠳᠦᠯ ᠢᠶᠠᠨ ᠪᠠᠳᠠᠷᠠᠭᠤᠯᠵᠤ᠂ ᠬᠤᠯᠪᠤᠭᠳᠠᠯ ᠪᠥᠬᠦᠶ ᠰᠠᠯᠠᠭ᠎ᠠ ᠮᠥᠴᠢᠷ ᠤᠨ ᠬᠢᠨᠠᠨ | ᠵᠥᠪᠰᠢᠶᠡᠷᠡᠭᠰᠡᠨ ᠮᠡᠳᠡᠭᠡ ᠵᠠᠩᠭᠢ ᠶᠢ ᠴᠠᠭ ᠲᠤᠬᠠᠶ ᠳᠤᠨᠢ ᠴᠤᠭᠯᠠᠭᠤᠯᠤᠨ᠂ ᠪᠠᠯᠠ ᠣᠷᠣᠭᠤᠯᠤᠯᠲᠠ ᠶᠢᠨ ᠬᠢᠨᠠᠨ | ᠵᠥᠪᠰᠢᠶᠡᠷᠡᠬᠦ ᠠᠰᠠᠭᠤᠳᠠᠯ ᠢ ᠬᠦᠢᠴᠡᠳᠬᠡᠬᠦ ᠪᠠ ᠬᠠᠷᠢᠭᠤ ᠲᠤᠰᠬᠠᠬᠤ ᠲᠣᠭᠲᠠᠴᠠ ᠶᠢ ᠪᠠᠶᠢᠭᠤᠯᠵᠤ᠂ ᠲᠥᠷᠥᠯ | ᠵᠦᠢᠯ ᠤᠨ ᠪᠥᠲᠥᠭᠡᠨ ᠪᠠᠶᠢᠭᠤᠯᠤᠯᠲᠠ ᠶᠢᠨ ᠪᠥᠬᠦ ᠶᠠᠪᠤᠴᠠ ᠶᠢᠨ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠨ᠂ | ᠬᠤᠷᠢᠭ᠎ᠠ ᠴᠢᠭ ᠲᠦᠭᠵᠢᠷᠡᠯ ᠴᠢᠭ ᠢ ᠴᠠᠭ ᠲᠤᠬᠠᠶ ᠳᠤᠨᠢ ᠢᠯᠡᠷᠡᠭᠦᠯᠵᠦ᠂ ᠠᠰᠠᠭᠤᠳᠠᠯ ᠢ ᠰᠢᠢᠳᠪᠦᠷᠢᠯᠡᠬᠦ ᠶᠢ | ᠵᠣᠬᠢᠴᠠᠭᠤᠯᠤᠨ ᠠᠬᠢᠭᠤᠯᠤᠨ᠎ᠠ᠃ ︵ᠬᠤᠳᠠ ᠶᠢᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ︶ | 23. ᠲᠥᠷᠥᠯ ᠵᠦᠢᠯ ᠢ ᠬᠢᠨᠠᠨ ᠵᠥᠪᠰᠢᠶᠡᠷᠡᠬᠦ ᠶᠠᠪᠤᠴᠠ ᠳᠤ᠂ ᠪᠠᠯᠠ ᠣᠷᠣᠭᠤᠯᠤᠯᠲᠠ ᠶᠢᠨ ᠲᠥᠷᠥᠯ ᠵᠦᠢᠯ ᠢ | ᠬᠢᠨᠠᠨ ᠵᠥᠪᠰᠢᠶᠡᠷᠡᠬᠦ ᠲᠦᠷᠢᠮ ᠤᠨ ᠥᠭᠡᠷᠡᠴᠢᠯᠡᠯᠲᠡ ᠶᠢ ᠦᠷᠭᠦᠯᠵᠢᠯᠡᠨ ᠭᠦᠨᠵᠡᠭᠡᠶᠢᠷᠡᠭᠦᠯᠵᠦ᠂ ᠬᠢᠨᠠᠨ ᠵᠥᠪᠰᠢᠶᠡᠷᠡᠬᠦ | ᠴᠤᠪᠤᠷᠠᠯ ᠢᠶᠠᠨ ᠰᠢᠯᠢᠳᠡᠭᠵᠢᠭᠦᠯᠦᠨ᠂ ᠬᠢᠨᠠᠨ ᠵᠥᠪᠰᠢᠶᠡᠷᠡᠬᠦ ᠴᠠᠭ ᠤᠨ ᠬᠢᠵᠠᠭᠠᠷ ᠢᠶᠠᠨ ᠪᠠᠭᠠᠰᠬᠠᠵᠤ᠂ ᠨᠡᠶᠢᠯᠡᠭᠦᠯᠦᠨ | ᠬᠢᠨᠠᠨ ᠵᠥᠪᠰᠢᠶᠡᠷᠡᠬᠦ ᠶᠢ ᠬᠡᠷᠡᠭᠵᠢᠭᠦᠯᠦᠨ᠂ ᠡᠯ᠎ᠡ ᠵᠦᠢᠯ ᠤᠨ ᠡᠮᠦᠨᠡᠬᠢ ᠬᠤᠭᠤᠴᠠᠭᠠᠨ ᠤ ᠭᠠᠷᠳᠠᠮ ᠢ ᠬᠠᠷᠢᠯᠴᠠᠨ | ᠤᠷᠢᠳᠠᠴᠢ ᠨᠥᠬᠦᠴᠡᠯ ᠪᠣᠯᠭᠠᠵᠤ ᠪᠣᠯᠬᠤ ᠥᠬᠡᠶ᠂ ᠡᠯ᠎ᠡ ᠬᠢᠨᠠᠨ ᠵᠥᠪᠰᠢᠶᠡᠷᠡᠬᠦ ᠰᠠᠯᠠᠭ᠎ᠠ ᠮᠥᠴᠢᠷ ᠤᠳ ᠬᠠᠷᠢᠯᠴᠠᠨ | ᠲᠦᠯᠬᠢᠯᠴᠡᠵᠦ ᠪᠣᠯᠬᠤ ᠥᠬᠡᠶ᠃ ︵ᠬᠤᠳᠠ ᠶᠢᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ︶ | | ᠭᠤᠷᠪᠠ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠪᠦᠬᠦ ᠠᠮᠢ ᠨᠠᠰᠤᠨ ᠤ ᠦᠶᠡᠯᠡᠯ ᠤᠨ | ᠬᠤᠭᠤᠴᠠᠭᠠᠨ ᠤ ᠦᠢᠯᠡᠴᠢᠯᠡᠭᠡ ᠪᠠᠨ ᠪᠦᠬᠦ ᠲᠠᠯ᠎ᠠ ᠪᠠᠷ ᠴᠢᠩᠭᠠᠳᠬᠠᠨ᠎ᠠ | 24. ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠵᠥᠪᠰᠢᠶᠡᠷᠡᠨ ᠣᠷᠣᠭᠤᠯᠬᠤ ᠪᠠ ᠪᠤᠴᠠᠭᠠᠨ ᠭᠠᠷᠭᠠᠬᠤ | ᠲᠣᠭᠲᠠᠴᠠ ᠶᠢ ᠤᠯᠠᠮ ᠨᠢᠭᠡ ᠠᠯᠬᠤᠮ ᠪᠦᠷᠢᠨᠰᠢᠬᠦᠯᠵᠦ᠂ ᠠᠵᠤ ᠠᠬᠤᠶᠢᠯᠠᠯ ᠳᠤ ᠬᠤᠯᠪᠣᠭᠳᠠᠬᠤ ᠡᠵᠡᠩᠨᠡᠯᠲᠡ ᠶᠢᠨ | ᠵᠥᠪᠰᠢᠶᠡᠷᠡᠯ ᠢ ᠦᠷᠭᠦᠯᠵᠢᠯᠡᠨ ᠴᠣᠮᠬᠠᠳᠬᠠᠵᠤ᠂ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠨᠡᠭᠡᠭᠡᠨ ᠡᠵᠡᠩᠨᠡᠬᠦ | ᠳᠡᠩᠰᠡᠯᠡᠯᠲᠡ᠂ ᠮᠡᠳᠡᠭᠡ ᠵᠠᠩᠭᠢ ᠶᠢ ᠬᠤᠪᠢᠷᠠᠭᠤᠯᠬᠤ᠂ ᠪᠠᠩᠬᠢ ᠶᠢᠨ ᠡᠷᠦᠭᠡᠨ ᠲᠠᠩᠰᠠ ᠨᠡᠭᠡᠭᠡᠬᠦ᠂ ᠵᠥᠪᠰᠢᠶᠡᠷᠡᠨ | ᠣᠷᠣᠭᠤᠯᠬᠤ ᠶᠢ ᠬᠦᠢᠴᠡᠳᠬᠡᠬᠦ᠂ ᠳᠡᠩᠰᠡᠯᠡᠯᠲᠡ ᠶᠢ ᠬᠦᠴᠦᠨ ᠥᠬᠡᠶ ᠪᠣᠯᠭᠠᠬᠤ ᠵᠡᠷᠭᠡ ᠭᠤᠭᠴᠤᠭ᠎ᠠ ᠶᠢ | ᠵᠢᠷᠤᠮᠵᠢᠭᠤᠯᠬᠤ᠂ ᠳᠥᠭᠦᠮᠴᠢᠯᠡᠬᠦ᠂ ᠢᠯᠡ ᠲᠣᠳᠣ ᠪᠣᠯᠭᠠᠬᠤ ᠶᠢ ᠠᠬᠢᠭᠤᠯᠤᠨ᠎ᠠ᠃ ︵ᠬᠤᠲᠠ ᠶᠢᠨ ᠵᠠᠬ᠎ᠠ | ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ︶ | 25. ᠠᠵᠤ ᠠᠬᠤᠶᠢᠯᠠᠯ ᠤᠨ ᠨᠡᠭᠡᠭᠡᠨ ᠡᠵᠡᠩᠨᠡᠬᠦ ᠴᠠᠭ ᠢ ᠤᠯᠠᠮ ᠨᠢᠭᠡ ᠠᠯᠬᠤᠮ ᠪᠠᠭᠠᠰᠬᠠᠵᠤ᠂ ᠠᠵᠤ | ᠠᠬᠤᠶᠢᠯᠠᠯ ᠤᠨ ᠨᠡᠭᠡᠭᠡᠨ ᠡᠵᠡᠩᠨᠡᠬᠦ ᠳᠤ ︽ᠨᠢᠭᠡ ᠰᠦᠯᠵᠢᠶ᠎ᠡ ᠪᠠᠷ ᠨᠡᠪᠲᠡᠷᠡᠭᠦᠯᠬᠦ︾ ᠲᠠᠪᠴᠠᠩ ᠢ ᠲᠦᠰᠢᠭᠯᠡᠨ᠂ ᠠᠵᠤ | ᠠᠬᠤᠶᠢᠯᠠᠯ ᠤᠨ ᠳᠡᠩᠰᠡᠯᠡᠨ ᠲᠡᠮᠳᠡᠭᠯᠡᠬᠦ᠂ ᠲᠠᠮᠠᠭ᠎ᠠ ᠰᠡᠶᠢᠯᠦᠨ ᠦᠢᠯᠡᠳᠬᠦ᠂ ᠪᠠᠷᠢᠮᠲᠠ ᠭᠤᠶᠤᠴᠢᠯᠠᠨ ᠠᠪᠬᠤ ᠵᠢᠴᠢ | ᠭᠠᠶᠢᠯᠢ ᠡᠵᠡᠮᠳᠡᠬᠦ ᠲᠥᠬᠦᠭᠡᠷᠦᠮᠵᠢ᠂ ᠨᠡᠶᠢᠭᠡᠮ ᠤᠨ ᠳᠠᠭᠠᠳᠬᠠᠯ ᠤᠨ ᠳᠡᠩᠰᠡᠯᠡᠨ ᠲᠡᠮᠳᠡᠭᠯᠡᠬᠦ᠂ ᠣᠷᠣᠨ ᠰᠠᠭᠤᠴᠠ ᠶᠢᠨ | ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠠᠵᠤ ᠠᠬᠤᠶᠢᠯᠠᠯ ᠤᠨ ᠲᠤᠰᠢᠶᠠᠨ ᠬᠠᠳᠠᠭᠠᠯᠠᠭᠤᠯᠬᠤ ᠳᠡᠩᠰᠡᠯᠡᠨ | ᠲᠡᠮᠳᠡᠭᠯᠡᠬᠦ ᠵᠡᠷᠭᠡ ᠲᠤᠬᠠᠶᠢᠯᠠᠭᠰᠠᠨ ᠠᠵᠢᠯ ᠤᠨ ᠪᠥᠬᠦ ᠶᠠᠪᠤᠴᠠ ᠶᠢ ᠰᠦᠯᠵᠢᠶᠡᠨ ᠳᠡᠭᠡᠷ᠎ᠡ ᠬᠦᠢᠴᠡᠳᠬᠡᠬᠦ ᠶᠢ | ᠠᠬᠢᠭᠤᠯᠵᠤ᠂ 0.5 ᠠᠵᠢᠯᠯᠠᠬᠤ ᠡᠳᠦᠷ ᠲᠤ ᠬᠦᠢᠴᠡᠳᠬᠡᠨ᠎ᠡ᠃ ︵ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠲᠣᠪᠴᠢᠶ᠎ᠠ︶ | 26. ᠠᠵᠤ ᠠᠬᠤᠶᠢᠯᠠᠯ ᠤᠨ ᠬᠦᠴᠦᠨ ᠥᠬᠡᠶ ᠪᠣᠯᠭᠠᠬᠤ ︽ᠨᠢᠭᠡ ᠶᠠᠪᠤᠳᠠᠯ︾ ᠤᠨ ᠥᠭᠡᠷᠡᠴᠢᠯᠡᠯᠲᠡ ᠶᠢ | ᠬᠠᠶᠢᠨ ᠰᠦᠪᠡᠭᠴᠢᠯᠡᠵᠦ᠂ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠤᠬᠤᠷᠢᠨ ᠭᠠᠷᠬᠤ ᠲᠣᠭᠲᠠᠴᠠ ᠪᠠᠨ ᠤᠯᠠᠮ | ᠨᠢᠭᠡ ᠠᠯᠬᠤᠮ ᠲᠡᠭᠦᠯᠳᠡᠷᠵᠢᠭᠦᠯᠦᠨ᠂ ᠬᠦᠴᠦᠨ ᠥᠬᠡᠶ ᠪᠣᠯᠭᠠᠭᠰᠠᠨ ᠠᠵᠤ ᠠᠬᠤᠶᠢᠯᠠᠯ ᠤᠨ ᠭᠠᠶᠢᠯᠢ ᠶᠢ | ᠢᠯᠭᠠᠷᠠᠭᠤᠯᠤᠨ ᠳᠢᠭᠯᠡᠭᠰᠡᠨ ᠭᠡᠷᠡᠴᠢ ᠶᠢ ᠴᠠᠭ ᠲᠤᠬᠠᠶ ᠳᠤᠨᠢ ᠳᠠᠮᠵᠢᠭᠤᠯᠤᠨ ᠬᠦᠷᠭᠡᠬᠦ ᠶᠢ ᠪᠡᠶᠡᠯᠡᠭᠦᠯᠵᠦ᠂ ︽ᠢᠵᠢ | ᠦᠢᠯᠡᠴᠢᠯᠡᠭᠡ ᠶᠢᠨ ᠮᠠᠶ᠋ᠢᠭ︾ ᠤᠨ ᠬᠦᠴᠦᠨ ᠥᠬᠡᠶ ᠪᠣᠯᠭᠠᠬᠤ ᠦᠢᠯᠡᠴᠢᠯᠡᠭᠡ ᠬᠠᠩᠭᠠᠵᠤ᠂ ᠵᠠᠬ᠎ᠠ ᠳᠡᠯᠭᠡᠭᠦᠷ ᠤᠨ | ᠭᠤᠤᠯ ᠴᠣᠭᠴᠠ ᠶᠢᠨ ᠬᠦᠴᠦᠨ ᠥᠬᠡᠶ ᠪᠣᠯᠭᠠᠬᠤ ᠬᠦᠢᠴᠡᠳᠬᠡᠬᠦ ᠴᠤᠪᠤᠷᠠᠯ ᠢᠶᠠᠨ ᠰᠢᠯᠢᠳᠡᠭᠵᠢᠭᠦᠯᠦᠨ᠂ ᠬᠦᠢᠴᠡᠳᠬᠡᠬᠦ | ᠴᠠᠭ ᠢᠶᠠᠨ ᠪᠣᠭᠤᠨᠢᠰᠬᠠᠨ᠎ᠠ᠃ ︵ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ︶ | 27. ᠳᠤᠮᠳᠠ ᠪᠠᠭ᠎ᠠ ᠠᠵᠤ ᠠᠬᠤᠶᠢᠯᠠᠯ ᠤᠨ ᠪᠡᠯᠡ ᠲᠣᠬᠢᠷᠠᠭᠤᠯᠭ᠎ᠠ ᠶᠢᠨ ᠶᠡᠷᠦᠩᠬᠡᠶᠢᠯᠡᠭᠰᠡᠨ ᠢᠲᠡᠭᠡᠮᠵᠢ ᠶᠢᠨ | ᠦᠢᠯᠡᠴᠢᠯᠡᠭᠡᠨ ᠤ ᠲᠠᠪᠴᠠᠩ ︵ᠢᠲᠡᠭᠡᠮᠵᠢᠲᠦ ᠵᠢᠭᠡᠯᠡᠯᠭᠡ᠂ ᠪᠠᠩᠬᠢ ᠭᠠᠶᠢᠯᠢ ᠬᠠᠷᠢᠯᠴᠠᠨ ᠬᠥᠳᠡᠯᠦᠯᠴᠡᠬᠦ ᠵᠡᠷᠭᠡ︶ ᠢ | ᠰᠢᠯᠢᠳᠡᠭᠵᠢᠭᠦᠯᠦᠨ ᠲᠡᠭᠦᠯᠳᠡᠷᠵᠢᠭᠦᠯᠵᠦ᠂ ᠨᠡᠶᠢᠭᠡᠮ ᠤᠨ ᠳᠠᠭᠠᠳᠬᠠᠯ᠂ ᠭᠠᠶᠢᠯᠢ ᠶᠢᠨ ᠶᠠᠪᠤᠳᠠᠯ᠂ ᠴᠠᠬᠢᠯᠭᠠᠨ ᠬᠡᠷᠡᠭᠯᠡᠬᠦ | ᠬᠡᠢ ᠬᠡᠷᠡᠭᠯᠡᠬᠦ ᠤᠰᠤ ᠬᠡᠷᠡᠭᠯᠡᠬᠦ ᠵᠡᠷᠭᠡ ᠣᠯᠠᠨ ᠨᠡᠶᠢᠲᠡ ᠶᠢᠨ ᠲᠤᠭ᠎ᠠ ᠪᠠᠷᠢᠮᠲᠠ ᠵᠢᠴᠢ ᠡᠯ᠎ᠡ ᠲᠥᠷᠥᠯ ᠤᠨ | ᠢᠲᠡᠭᠡᠮᠵᠢ ᠶᠢᠨ ᠮᠡᠳᠡᠭᠡ ᠵᠠᠩᠭᠢ ᠶᠢ ᠬᠠᠤᠯᠢ ᠲᠣᠭᠲᠠᠭᠠᠯ ᠳᠤ ᠨᠡᠶᠢᠴᠡᠭᠦᠯᠦᠨ ᠮᠥᠩᠭᠦᠨ ᠭᠦᠢᠯᠭᠡᠭᠡᠨ ᠤ | ᠪᠠᠶᠢᠭᠤᠯᠤᠮᠵᠢ ᠳᠤ ᠨᠡᠭᠡᠭᠡᠯᠲᠡ ᠲᠠᠢ ᠪᠣᠯᠭᠠᠬᠤ ᠶᠢ ᠠᠬᠢᠭᠤᠯᠵᠤ᠂ ᠢᠲᠡᠭᠡᠮᠵᠢ ᠣᠯᠭᠤᠬᠤ ᠳᠡᠮᠵᠢᠯᠭᠡ᠂ ᠲᠦᠭᠰᠢᠭᠦᠷᠢ ᠶᠢ | ᠤᠷᠢᠳᠴᠢᠯᠠᠨ ᠰᠡᠷᠡᠮᠵᠢᠯᠡᠭᠦᠯᠬᠦ᠂ ᠪᠡᠯᠡ ᠲᠤᠬᠢᠷᠠᠭᠤᠯᠭ᠎ᠠ ᠶᠢ ᠵᠣᠯᠭᠠᠭᠤᠯᠬᠤ᠂ ᠮᠥᠩᠭᠦᠨ ᠭᠦᠢᠯᠭᠡᠭᠡᠨ ᠤ ᠬᠠᠮᠢᠶᠠᠷᠤᠯᠲᠠ | ᠵᠡᠷᠭᠡ ᠤᠯᠠᠨ ᠲᠦᠷᠦᠯ ᠤᠨ ᠦᠢᠯᠡᠳᠬᠦᠨ ᠪᠠ ᠦᠢᠯᠡᠴᠢᠯᠡᠭᠡ ᠬᠠᠩᠭᠠᠵᠤ᠂ ᠪᠠᠩᠬᠢ ᠶᠢᠨ ᠦᠢᠯᠡᠰ ᠮᠥᠩᠭᠦᠨ | ᠭᠦᠢᠯᠭᠡᠭᠡᠨ ᠤ ᠪᠠᠶᠢᠭᠤᠯᠤᠮᠵᠢ ᠶᠢᠨ ᠢᠲᠡᠭᠡᠮᠵᠢᠲᠦ ᠵᠢᠭᠡᠯᠡᠯᠭᠡ ᠶᠢ ᠬᠢᠨᠠᠨ ᠵᠥᠪᠰᠢᠶᠡᠷᠡᠬᠦ ᠶᠠᠪᠤᠴᠠ ᠶᠢ | ᠲᠡᠭᠦᠯᠳᠡᠷᠵᠢᠭᠦᠯᠬᠦ ᠶᠢ ᠠᠬᠢᠭᠤᠯᠵᠤ᠂ ᠳᠤᠮᠳᠠ ᠵᠢᠵᠢᠭ ᠠᠵᠤ ᠠᠬᠤᠶᠢᠯᠠᠯ ᠤᠨ ᠠᠩᠬᠠᠨ ᠤ ᠵᠢᠭᠡᠯᠡᠯᠭᠡ ᠤᠯᠬᠤ ᠨᠤᠷᠮ᠎ᠠ | ᠪᠠ ᠢᠲᠡᠭᠡᠮᠵᠢᠲᠦ ᠵᠢᠭᠡᠯᠡᠯᠭᠡ ᠶᠢᠨ ᠬᠠᠷᠢᠴᠠᠯ ᠤᠨ ᠨᠤᠷᠮ᠎ᠠ ᠶᠢ ᠳᠡᠭᠡᠭᠰᠢᠯᠡᠭᠦᠯᠵᠦ᠂ ᠳᠤᠮᠳᠠ ᠵᠢᠵᠢᠭ ᠠᠵᠤ | ᠠᠬᠤᠶᠢᠯᠠᠯ ᠤᠨ ᠪᠡᠯᠡ ᠲᠤᠬᠢᠷᠠᠭᠤᠯᠬᠤ ᠳᠤ ᠬᠦᠴᠢᠷᠲᠡᠶ᠂ ᠪᠡᠯᠡ ᠲᠤᠬᠢᠷᠠᠭᠤᠯᠬᠤ ᠳᠤ ᠦᠨᠡᠲᠡᠶ ᠪᠠᠶᠢᠬᠤ ᠠᠰᠠᠭᠤᠳᠠᠯ ᠢ | ᠦᠨᠡᠨ ᠬᠦ ᠰᠢᠢᠳᠪᠦᠷᠢᠯᠡᠨ᠎ᠡ᠃ ︵ᠬᠤᠲᠠ ᠶᠢᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ᠂ ᠬᠤᠲᠠ ᠶᠢᠨ | ᠵᠠᠰᠠᠭ ᠤᠨ ᠣᠷᠳᠣᠨ ᠤ ᠮᠥᠩᠭᠦᠨ ᠬᠦᠢᠯᠭᠡᠭᠡᠨ ᠤ ᠠᠵᠢᠯ ᠤᠨ ᠠᠯᠪᠠᠨ ᠬᠡᠷ᠂ ᠠᠷᠠᠳ ᠤᠨ ᠪᠠᠩᠬᠢ ᠶᠢᠨ ᠦᠬᠠᠶ | ᠬᠤᠲᠠ ᠶᠢᠨ ᠲᠥᠪ ᠰᠠᠯᠪᠤᠷᠢ ᠪᠠᠩᠬᠢ᠂ ᠦᠬᠠᠶ ᠶᠢᠨ ᠪᠠᠩᠬᠢ ᠳᠠᠭᠠᠳᠬᠠᠯ ᠤᠨ ᠬᠢᠨᠠᠯᠲᠠ ᠬᠠᠮᠢᠶᠠᠷᠤᠯᠲᠠ ᠶᠢᠨ | ᠬᠤᠪᠢᠶᠠᠷᠢ ᠲᠣᠪᠴᠢᠶ᠎ᠠ︶ | 28. ᠣᠯᠠᠨ ᠨᠡᠶᠢᠲᠡ ᠶᠢᠨ ᠡᠬᠢ ᠪᠠᠶᠠᠯᠢᠭ ᠤᠨ ᠠᠷᠠᠯᠵᠢᠶ᠎ᠠ ᠶᠢᠨ ᠬᠦᠷᠢᠶ᠎ᠡ ᠴᠠᠷᠠᠭ᠎ᠠ ᠶᠢᠨ ᠥᠭᠡᠷᠡᠴᠢᠯᠡᠯᠲᠡ ᠶᠢ | ᠭᠦᠨᠵᠡᠭᠡᠶᠢᠷᠡᠭᠦᠯᠵᠦ᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠯᠠᠨ ᠨᠡᠶᠢᠲᠡ ᠶᠢᠨ ᠡᠬᠢ | ᠪᠠᠶᠠᠯᠢᠭ ᠤᠨ ᠠᠷᠠᠯᠵᠢᠶ᠎ᠠ ᠶᠢᠨ ᠬᠠᠮᠢᠶᠠᠷᠤᠯᠲᠠ ᠶᠢᠨ ᠠᠷᠭ᠎ᠠ︾ ᠶᠣᠰᠣᠭᠠᠷ᠂ ᠳᠠᠭᠠᠭᠠᠴᠢᠯᠠᠯᠲᠠ ᠰᠢᠯᠭᠠᠷᠠᠭᠤᠯᠬᠤ | ᠲᠤᠰᠬᠠᠶ ᠮᠡᠷᠭᠡᠵᠢᠯᠲᠡᠨ ᠤ ᠵᠢᠷᠤᠮᠵᠢᠭᠰᠠᠨ ᠬᠠᠮᠢᠶᠠᠷᠤᠯᠲᠠ ᠪᠠᠨ ᠴᠢᠩᠭᠠᠳᠬᠠᠵᠤ᠂ ᠳᠠᠭᠠᠭᠠᠴᠢᠯᠠᠯᠲᠠ ᠰᠢᠯᠭᠠᠷᠠᠭᠤᠯᠬᠤ | ᠲᠤᠰᠬᠠᠶ ᠮᠡᠷᠭᠡᠵᠢᠯᠲᠡᠨ ᠤ ᠪᠦᠷᠢᠯᠳᠦᠯ ᠤᠨ ᠪᠦᠲᠦᠴᠡ ᠪᠠᠨ ᠰᠢᠯᠢᠳᠡᠭᠵᠢᠭᠦᠯᠦᠨ᠂ ᠲᠤᠬᠠᠶ ᠶᠢᠨ ᠲᠠᠯᠠᠪᠤᠷ ᠲᠤ | ᠭᠥᠯᠢᠶᠡᠨ ᠠᠪᠴᠤ ᠰᠢᠢᠳᠪᠦᠷᠢᠯᠡᠬᠦ ᠲᠤᠰᠬᠠᠶ ᠮᠡᠷᠭᠡᠵᠢᠯᠲᠡᠨ ᠤ ᠭᠤᠶᠤᠴᠢᠯᠠᠯ ᠢ ᠰᠣᠩᠭᠤᠨ ᠠᠪᠬᠤ ᠶᠢ ᠪᠥᠬᠦ | ᠲᠠᠯ᠎ᠠ ᠪᠠᠷ ᠬᠦᠴᠦᠨ ᠥᠬᠡᠶ ᠪᠣᠯᠭᠠᠵᠤ᠂ ᠳᠠᠭᠠᠭᠠᠴᠢᠯᠠᠯᠲᠠ ᠰᠢᠯᠭᠠᠷᠠᠭᠤᠯᠬᠤ ᠲᠤᠰᠬᠠᠶ ᠮᠡᠷᠭᠡᠵᠢᠯᠲᠡᠨ ᠢ | ᠲᠣᠬᠢᠶᠠᠯᠳᠤᠯ ᠢᠶᠠᠷ ᠰᠣᠩᠭᠤᠨ ᠠᠪᠴᠤ᠂ ᠲᠤᠰᠬᠠᠶ ᠮᠡᠷᠭᠡᠵᠢᠯᠲᠡᠨ ᠤ ᠦᠢᠯᠡᠴᠢᠯᠡᠭᠡᠨ ᠤ ᠦᠷ᠎ᠡ ᠪᠦᠲᠦᠮᠵᠢ ᠶᠢ ᠦᠨᠡᠨᠬᠦ | ᠳᠡᠭᠡᠭᠰᠢᠯᠡᠭᠦᠯᠦᠨ᠎ᠡ᠃ ︽ᠨᠢᠭᠤᠷ ᠵᠣᠯᠭᠠᠬᠤ ᠥᠬᠡᠶ ᠪᠠᠷ ᠳᠠᠭᠠᠭᠠᠴᠢᠯᠠᠯᠲᠠ ᠨᠡᠶᠢᠲᠡᠯᠡᠬᠦ︾ ᠵᠠᠭᠪᠤᠷ᠂ ︽ᠠᠯᠤᠰ ᠠᠴᠠ | ᠣᠨᠳᠣᠤ ᠭᠠᠵᠠᠷ ᠲᠤ ᠳᠠᠭᠠᠭᠠᠴᠢᠯᠠᠯᠲᠠ ᠦᠨᠡᠯᠡᠬᠦ︾ ᠶᠢ ᠪᠥᠬᠦ ᠲᠠᠯ᠎ᠠ ᠪᠠᠷ ᠳᠡᠯᠭᠡᠷᠡᠭᠦᠯᠵᠦ᠂ ᠬᠠᠤᠯᠢ ᠶᠣᠰᠣᠭᠠᠷ | ᠳᠠᠭᠠᠭᠠᠴᠢᠯᠠᠯᠲᠠ ᠵᠠᠷᠯᠠᠬᠤ ᠲᠥᠷᠥᠯ ᠵᠦᠢᠯ ᠳᠤ ᠳᠠᠭᠠᠭᠠᠴᠢᠯᠠᠯᠲᠠ ᠵᠠᠷᠯᠠᠬᠤ ᠳᠠᠭᠠᠭᠠᠴᠢᠯᠠᠯᠲᠠ ᠬᠦᠯᠢᠶᠡᠬᠦ | ᠠᠵᠢᠯᠯᠠᠭ᠎ᠠ ᠶᠢᠨ ᠪᠥᠬᠦ ᠶᠠᠪᠤᠴᠠ ᠶᠢ ᠡᠯᠧᠺᠲᠷᠤᠨᠴᠢᠯᠠᠨ ᠠᠵᠢᠯᠯᠠᠭᠤᠯᠬᠤ ᠶᠢ ᠪᠡᠶᠡᠯᠡᠭᠦᠯᠦᠨ᠎ᠡ᠃ ︵ᠬᠤᠲᠠ ᠶᠢᠨ | ᠣᠯᠠᠨ ᠨᠡᠶᠢᠲᠡ ᠶᠢᠨ ᠡᠬᠢ ᠪᠠᠶᠠᠯᠢᠭ ᠤᠨ ᠠᠷᠠᠯᠵᠢᠶᠠᠨ ᠤ ᠲᠥᠪ︶ | 29. ᠡᠳ᠋ ᠤᠨ ᠵᠠᠰᠠᠭ ᠤᠨ ᠪᠠᠯᠠ ᠣᠷᠣᠭᠤᠯᠤᠯᠲᠠ ᠶᠢᠨ ᠬᠢᠨᠠᠨ ᠲᠣᠭᠲᠠᠭᠠᠬᠤ ᠥᠭᠡᠷᠡᠴᠢᠯᠡᠯᠲᠡ ᠶᠢ | ᠲᠦᠷᠭᠡᠳᠬᠡᠨ ᠠᠬᠢᠭᠤᠯᠵᠤ᠂ ᠬᠢᠨᠠᠨ ᠲᠣᠭᠲᠠᠭᠠᠬᠤ ᠠᠵᠢᠯ ᠤᠨ ᠲᠠᠰ ᠳᠠᠷᠠᠭᠠᠯᠠᠯ ᠢᠶᠠᠨ ᠤᠯᠠᠮ ᠨᠢᠭᠡ ᠠᠯᠬᠤᠮ | ᠵᠢᠷᠤᠮᠵᠢᠭᠤᠯᠤᠨ᠂ ᠬᠢᠨᠠᠨ ᠲᠣᠭᠲᠠᠭᠠᠬᠤ ᠲᠥᠷᠥᠯ ᠵᠦᠢᠯ ᠤᠨ ᠪᠣᠳᠠᠲᠠᠶ ᠪᠠᠶᠢᠳᠠᠯ ᠢ ᠦᠨᠳᠦᠰᠦᠯᠡᠨ᠂ ᠬᠢᠨᠠᠨ | ᠲᠣᠭᠲᠠᠭᠠᠬᠤ ᠴᠠᠭ ᠬᠤᠭᠤᠴᠠᠭ᠎ᠠ᠂ ᠬᠢᠨᠠᠨ ᠲᠣᠭᠲᠠᠭᠠᠬᠤ ᠠᠷᠭ᠎ᠠ ᠮᠠᠶ᠋ᠢᠭ ᠢ ᠱᠠᠲᠤ ᠲᠥᠷᠥᠯ ᠬᠤᠪᠢᠶᠠᠨ | ᠲᠣᠳᠣᠷᠬᠠᠶᠢᠯᠠᠵᠤ᠂ ᠬᠢᠨᠠᠨ ᠲᠣᠭᠲᠠᠭᠠᠬᠤ ᠵᠦᠢᠯᠡᠰ ᠢ ᠪᠥᠬᠦ ᠲᠠᠯ᠎ᠠ ᠪᠠᠷ ᠢᠯᠭᠠᠷᠠᠭᠤᠯᠵᠤ᠂ ᠴᠣᠮᠬᠠᠳᠬᠠᠨ | ᠰᠢᠯᠢᠳᠡᠭᠵᠢᠭᠦᠯᠦᠨ᠎ᠡ᠃ ︵ᠬᠤᠳᠠ ᠶᠢᠨ ᠡᠳ᠋ ᠤᠨ ᠵᠠᠰᠠᠭ ᠤᠨ ᠲᠣᠪᠴᠢᠶ᠎ᠠ︶ | 30᠂ ᠤᠰᠤ ᠬᠡᠶ ᠳᠤᠯᠠᠭᠠᠯᠠᠭ᠎ᠠ ᠵᠡᠷᠭᠡ ᠨᠢᠭᠡ ᠦᠷᠳᠡᠭᠡᠴᠢᠯᠡᠭᠰᠡᠨ ᠮᠠᠶ᠋ᠢᠭ ᠤᠨ ᠳᠥᠭᠦᠮ ᠳᠥᠲᠡ | ᠦᠢᠯᠡᠴᠢᠯᠡᠭᠡ ᠶᠢ ᠠᠬᠢᠭᠤᠯᠵᠤ᠂ ᠤᠰᠤ ᠬᠠᠩᠭᠠᠬᠤ᠂ ᠬᠡᠶ ᠬᠠᠩᠭᠠᠬᠤ᠂ ᠳᠤᠯᠠᠭᠠᠯᠠᠭ᠎ᠠ ᠬᠠᠩᠭᠠᠬᠤ ᠵᠡᠷᠭᠡ ᠬᠤᠲᠠ ᠶᠢᠨ | ᠶᠠᠪᠤᠳᠠᠯ ᠤᠨ ᠦᠢᠯᠡᠴᠢᠯᠡᠭᠡ ᠶᠢ ᠨᠢᠭᠡ ᠴᠤᠭᠴᠠᠵᠢᠭᠤᠯᠤᠭᠰᠠᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠠᠪᠴᠠᠩ | ᠪᠠ ︽ᠮᠦᠩᠭᠡ ᠰᠣᠪᠠᠭ︾ APP ᠯᠦᠭᠡ ᠪᠥᠬᠦ ᠲᠠᠯ᠎ᠠ ᠪᠠᠷ ᠵᠣᠯᠭᠠᠭᠤᠯᠬᠤ ᠶᠢ ᠪᠡᠶᠡᠯᠡᠭᠦᠯᠵᠦ᠂ ᠪᠥᠬᠦ ᠶᠠᠪᠤᠴᠠ ᠳᠤ | ᠬᠠᠪᠰᠤᠷᠤᠨ ᠬᠦᠢᠴᠡᠳᠬᠡᠬᠦ ᠦᠢᠯᠡᠴᠢᠯᠡᠭᠡ ᠶᠢ ᠬᠡᠷᠡᠭᠵᠢᠭᠦᠯᠦᠨ᠂ ᠮᠡᠳᠡᠭᠦᠯᠦᠨ ᠤᠭᠰᠠᠷᠠᠬᠤ᠂ ᠪᠠᠶᠢᠴᠠᠭᠠᠨ ᠯᠠᠪᠯᠠᠬᠤ᠂ | ᠰᠦᠢᠳᠭᠡᠯ ᠲᠤᠰᠢᠶᠠᠬᠤ ᠵᠡᠷᠭᠡ ᠲᠤᠬᠠᠶᠢᠯᠠᠭᠰᠠᠨ ᠠᠵᠢᠯ ᠤᠨ ᠪᠥᠬᠦ ᠶᠠᠪᠤᠴᠠ ᠶᠢ ᠰᠦᠯᠵᠢᠶᠡᠨ ᠳᠡᠭᠡᠷ᠎ᠡ | ᠬᠦᠢᠴᠡᠳᠬᠡᠬᠦ ᠶᠢ ᠪᠡᠶᠡᠯᠡᠭᠦᠯᠦᠨ᠎ᠡ᠃ ︵ᠬᠤᠳᠠ ᠶᠢᠨ ᠬᠤᠳᠠ ᠶᠢᠨ ᠬᠠᠮᠢᠶᠠᠷᠤᠯᠲᠠ ᠶᠢᠨ ᠶᠡᠷᠦᠩᠬᠡᠶᠢᠯᠡᠭᠰᠡᠨ ᠬᠠᠤᠯᠢ | ᠬᠡᠷᠡᠭᠵᠢᠭᠦᠯᠬᠦ ᠲᠣᠪᠴᠢᠶ᠎ᠠ︶ | 31. ᠡᠳ᠋ ᠬᠥᠷᠥᠩᠭᠡ ᠶᠢᠨ ᠳᠡᠩᠰᠡᠯᠡᠨ ᠲᠡᠮᠳᠡᠭᠯᠡᠬᠦ ᠥᠭᠡᠷᠡᠴᠢᠯᠡᠯᠲᠡ ᠶᠢ ᠤᠯᠠᠮ ᠨᠢᠭᠡ ᠠᠯᠬᠤᠮ | ᠭᠦᠨᠵᠡᠭᠡᠶᠢᠷᠡᠭᠦᠯᠵᠦ᠂ ︽ᠢᠨᠲ᠋ᠧᠷ ᠰᠦᠯᠵᠢᠶ᠎ᠡ +︾ ᠵᠠᠰᠠᠭ ᠤᠨ ᠶᠠᠪᠤᠳᠠᠯ ᠤᠨ ᠦᠢᠯᠡᠴᠢᠯᠡᠭᠡ ᠶᠢ ᠥᠷᠭᠡᠳᠬᠡᠨ᠂ | ᠨᠢᠭᠡ ᠴᠤᠭᠴᠠᠵᠢᠭᠤᠯᠤᠭᠰᠠᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠠᠪᠴᠠᠩ ᠢᠶᠠᠷ ᠳᠠᠮᠵᠢᠭᠤᠯᠤᠨ᠂ ᠥᠯᠥ | ᠬᠥᠳᠡᠯᠬᠦ ᠬᠥᠷᠥᠩᠭᠡ ᠶᠢᠨ ᠳᠡᠩᠰᠡᠯᠡᠯᠲᠡ᠂ ᠬᠡᠷ ᠪᠠᠶᠢᠰᠢᠩ ᠤᠨ ᠠᠷᠠᠯᠵᠢᠶ᠎ᠠ᠂ ᠭᠠᠶᠢᠯᠢ ᠲᠤᠰᠢᠶᠠᠬᠤ ᠵᠡᠷᠭᠡ ᠶᠢᠨ ︽ | ᠨᠢᠭᠡ ᠴᠤᠩᠬᠤᠪᠴᠢ ᠪᠠᠷ ᠭᠥᠯᠢᠶᠡᠨ ᠠᠪᠴᠤ ᠰᠢᠢᠳᠪᠦᠷᠢᠯᠡᠬᠦ᠂ ᠵᠡᠷᠭᠡᠪᠡᠷ ᠬᠦᠢᠴᠡᠳᠬᠡᠬᠦ︾ ᠶᠢ ᠬᠡᠷᠡᠭᠵᠢᠭᠦᠯᠵᠦ᠂ | ᠥᠯᠥ ᠬᠥᠳᠡᠯᠬᠦ ᠬᠥᠷᠥᠩᠭᠡ ᠶᠢᠨ ᠳᠡᠩᠰᠡᠯᠡᠯᠲᠡ ᠶᠢᠨ ᠪᠠᠷᠢᠮᠵᠢᠶᠠᠵᠢᠭᠤᠯᠬᠤ ᠪᠠᠶᠢᠭᠤᠯᠤᠯᠲᠠ ᠶᠢ ᠠᠬᠢᠭᠤᠯᠤᠨ᠂ ᠥᠯᠥ | ᠬᠥᠳᠡᠯᠬᠦ ᠬᠥᠷᠥᠩᠭᠡ ᠶᠢᠨ ᠳᠡᠩᠰᠡᠯᠡᠯᠲᠡ ᠶᠢᠨ ᠠᠵᠤ ᠠᠬᠤᠶᠢᠯᠠᠯ ᠳᠤ ᠲᠥᠬᠦᠮ ᠦᠵᠡᠭᠦᠯᠵᠦ ᠠᠷᠠᠳ ᠲᠤ ᠠᠰᠢᠭ | ᠬᠦᠷᠲᠡᠭᠡᠬᠦ ᠦᠢᠯᠡᠴᠢᠯᠡᠭᠡᠨ ᠤ ᠬᠢᠷᠢ ᠬᠡᠮᠵᠢᠶ᠎ᠡ ᠶᠢ ᠪᠥᠬᠦ ᠲᠠᠯ᠎ᠠ ᠪᠠᠷ ᠳᠡᠭᠡᠭᠰᠢᠯᠡᠭᠦᠯᠦᠨ᠎ᠡ᠃ ︵ᠬᠤᠲᠠ ᠶᠢᠨ | ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ︶ | 32. ᠤᠶᠤᠨᠴᠢᠯᠠᠭᠰᠠᠨ ᠭᠠᠶᠢᠯᠢ ᠶᠢᠨ ᠶᠠᠪᠤᠳᠠᠯ ᠤᠨ ᠪᠠᠶᠢᠭᠤᠯᠤᠯᠲᠠ ᠶᠢ ᠴᠢᠩᠭᠠᠳᠬᠠᠵᠤ᠂ ᠪᠠᠷᠢᠮᠲᠠ ᠶᠢ | ᠡᠯᠧᠺᠲᠷᠤᠨᠴᠢᠯᠠᠬᠤ ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ᠂ ︽ᠥᠯᠥ ᠬᠦᠷᠦᠯᠴᠡᠬᠦ ᠬᠡᠯᠪᠡᠷᠢ︾ ᠶᠢᠨ ᠵᠣᠯᠭᠠᠬᠤ | ᠥᠬᠡᠶ ᠪᠠᠷ ᠭᠠᠶᠢᠯᠢ ᠲᠤᠰᠢᠶᠠᠬᠤ ᠦᠢᠯᠡᠴᠢᠯᠡᠭᠡ ᠶᠢ ᠥᠷᠭᠡᠳᠬᠡᠵᠦ᠂ ᠭᠠᠶᠢᠯᠢ ᠲᠠᠲᠠᠪᠤᠷᠢᠯᠠᠵᠤ ᠬᠠᠮᠢᠶᠠᠷᠬᠤ ᠦᠢᠯᠡᠳᠦᠯ | ᠴᠢᠳᠠᠪᠤᠷᠢ ᠪᠠᠨ ᠲᠠᠰᠤᠷᠠᠯᠲᠠ ᠥᠬᠡᠶ ᠳᠡᠭᠡᠭᠰᠢᠯᠡᠭᠦᠯᠦᠨ᠎ᠡ᠃ ︵ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠶ | ᠲᠤᠪᠴᠢᠶᠠᠨ ᠤ ᠦᠬᠠᠶ ᠬᠤᠲᠠ ᠶᠢᠨ ᠭᠠᠶᠢᠯᠢ ᠶᠢᠨ ᠶᠠᠪᠤᠳᠠᠯ ᠤᠨ ᠲᠣᠪᠴᠢᠶ᠎ᠠ︶ | 33. ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠶᠢᠨ ᠬᠠᠪᠰᠤᠷᠤᠨ ᠵᠢᠯᠣᠭᠤᠳᠬᠤ ᠪᠠᠨ ᠴᠢᠩᠭᠠᠳᠬᠠᠵᠤ᠂ | ᠭᠠᠶᠢᠯᠢ ᠰᠦᠢᠳᠭᠡᠯ ᠤᠨ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢᠨ ᠵᠢᠯᠣᠭᠤᠳᠣᠯᠭ᠎ᠠ ᠶᠢ ᠬᠥᠳᠡᠯᠦᠩᠭᠦᠶ ᠪᠠᠷ | ᠰᠢᠨᠡᠳᠬᠡᠵᠦ᠂ ᠬᠥᠮᠦᠨ ᠤ ᠬᠦᠴᠦᠨ ᠤ ᠡᠬᠢ ᠪᠠᠶᠠᠯᠢᠭ ᠨᠡᠶᠢᠭᠡᠮ ᠤᠨ ᠪᠠᠲᠤᠯᠠᠭ᠎ᠠ᠂ ᠡᠮᠴᠢᠯᠡᠭᠡᠨ ᠤ ᠳᠠᠭᠠᠳᠬᠠᠯ ᠤᠨ | ᠰᠠᠯᠠᠭ᠎ᠠ ᠮᠥᠴᠢᠷ ᠯᠦᠭᠡ ᠶᠢᠨ ᠬᠠᠮᠲᠤᠷᠠᠯᠴᠠᠭ᠎ᠠ ᠬᠢᠭᠡᠳ ᠲᠤᠭ᠎ᠠ ᠪᠠᠷᠢᠮᠲᠠ ᠶᠢ ᠬᠠᠮᠲᠤᠪᠠᠷ ᠭᠥᠷᠳᠡᠬᠦ ᠶᠢ ᠴᠢᠩᠭᠠᠳᠬᠠᠨ | ᠂ ᠬᠠᠷᠠᠭᠠᠯᠵᠠᠯ ᠦᠵᠡᠬᠦᠯᠦᠨ ᠬᠦᠢᠴᠡᠳᠬᠡᠬᠦ ᠲᠠᠰ ᠳᠠᠷᠠᠭᠠᠯᠠᠯ ᠢᠶᠠᠨ ᠲᠠᠰᠤᠷᠠᠯᠲᠠ ᠥᠬᠡᠶ ᠴᠣᠮᠬᠠᠳᠬᠠᠨ᠎ᠠ᠃ ︵ | ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠶ ᠲᠤᠪᠴᠢᠶᠠᠨ ᠤ ᠦᠬᠠᠶ ᠬᠤᠲᠠ ᠶᠢᠨ ᠭᠠᠶᠢᠯᠢ ᠶᠢᠨ ᠶᠠᠪᠤᠳᠠᠯ ᠤᠨ | ᠲᠣᠪᠴᠢᠶ᠎ᠠ︶ | 34. ᠠᠵᠤ ᠠᠬᠤᠶᠢᠯᠠᠯ ᠤᠨ ᠳᠠᠮᠫᠤᠷᠠᠬᠤ ᠪᠠ ᠢᠯᠭᠠᠷᠠᠭᠤᠯᠤᠨ ᠪᠤᠳᠤᠬᠤ ᠬᠠᠮᠢᠶᠠᠷᠤᠯᠲᠠ ᠶᠢᠨ ᠠᠷᠭ᠎ᠠ ᠶᠢ | ᠰᠤᠳᠤᠯᠤᠨ ᠲᠣᠭᠲᠠᠭᠠᠵᠤ᠂ ᠳᠠᠮᠫᠤᠷᠠᠯ ᠤᠨ ᠬᠡᠷᠡᠭ ᠤᠨ ᠶᠠᠷᠰᠢᠭ ᠲᠦᠪᠡᠭᠲᠡᠶ ᠪᠠ ᠲᠦᠭᠦᠮ ᠢ ᠰᠠᠯᠭᠠᠬᠤ ᠶᠢ | ᠦᠷᠭᠦᠯᠵᠢᠯᠡᠨ ᠲᠦᠯᠬᠢᠨ ᠠᠬᠢᠭᠤᠯᠵᠤ᠂ ᠳᠠᠮᠫᠤᠷᠠᠯ ᠤᠨ ᠬᠡᠷᠡᠭ ᠤᠨ ᠡᠳ᠋ ᠬᠥᠷᠤᠩᠭᠡ ᠶᠢᠨ ᠪᠢᠲᠡᠭᠦᠮᠵᠢᠯᠡᠯ ᠢ ᠲᠠᠶᠢᠯᠬᠤ | ᠵᠢᠴᠢ ᠰᠢᠢᠳᠪᠦᠷᠢᠯᠡᠬᠦ ᠲᠣᠭᠲᠠᠴᠠ ᠪᠠᠨ ᠰᠢᠯᠢᠳᠡᠭᠵᠢᠭᠦᠯᠦᠨ᠂ ᠳᠠᠮᠫᠤᠷᠠᠯ ᠤᠨ ᠬᠡᠷᠡᠭ ᠶᠠᠪᠤᠳᠠᠯ ᠢ ᠰᠢᠢᠳᠪᠦᠷᠢᠯᠡᠬᠦ | ᠠᠵᠢᠯ ᠤᠨ ᠵᠢᠷᠤᠮᠵᠢᠯ ᠢᠶᠠᠨ ᠲᠡᠭᠦᠯᠳᠡᠷᠵᠢᠭᠦᠯᠵᠦ᠂ ᠳᠠᠮᠫᠤᠷᠠᠯ ᠤᠨ ᠰᠢᠭᠦᠨ ᠲᠠᠰᠤᠯᠤᠯᠳᠠ ᠶᠢᠨ ᠮᠡᠳᠡᠭᠡ | ᠵᠠᠩᠭᠢᠵᠢᠯᠲᠠ ᠶᠢᠨ ᠪᠠᠶᠢᠭᠤᠯᠤᠯᠲᠠ ᠶᠢ ᠲᠦᠯᠬᠢᠨ ᠠᠬᠢᠭᠤᠯᠵᠤ᠂ ᠳᠠᠮᠫᠤᠷᠠᠯ ᠤᠨ ᠬᠠᠮᠢᠶᠠᠷᠤᠯᠲᠠ ᠶᠢᠨ ᠮᠡᠳᠡᠭᠡ | ᠵᠠᠩᠭᠢ ᠶᠢᠨ ᠰᠢᠰᠲ᠋ᠧᠮ ᠤᠨ ᠴᠢᠳᠠᠮᠵᠢ ᠪᠠᠨ ᠲᠡᠭᠦᠯᠳᠡᠷᠵᠢᠭᠦᠯᠵᠦ᠂ ᠳᠠᠮᠫᠤᠷᠠᠯ ᠤᠨ ᠬᠡᠷᠡᠭ ᠢ ᠰᠢᠢᠳᠪᠦᠷᠢᠯᠡᠬᠦ ᠶᠠᠰᠤ | ᠴᠢᠨᠠᠷ ᠪᠠ ᠦᠷ᠎ᠡ ᠪᠦᠲᠦᠮᠵᠢ ᠪᠠᠨ ᠪᠦᠬᠦ ᠲᠠᠯ᠎ᠠ ᠪᠠᠷ ᠳᠡᠭᠡᠭᠰᠢᠯᠡᠭᠦᠯᠦᠨ᠎ᠡ᠃ ︵ᠦᠬᠠᠶ ᠬᠤᠲᠠ ᠶᠢᠨ ᠠᠷᠠᠳ ᠤᠨ | ᠳᠤᠮᠳᠠ ᠵᠡᠷᠭᠡ ᠶᠢᠨ ᠰᠢᠭᠦᠬᠦ ᠬᠤᠷᠢᠶ᠎ᠠ︶ | | ᠳᠥᠷᠪᠡ᠂ ᠪᠦᠲᠦᠮᠵᠢᠲᠡᠶ ᠬᠢᠨᠠᠯᠲᠠ ᠬᠠᠮᠢᠶᠠᠷᠤᠯᠲᠠ ᠪᠠᠨ ᠪᠥᠬᠦ ᠲᠠᠯ᠎ᠠ ᠪᠠᠷ ᠴᠢᠩᠭᠠᠳᠬᠠᠨ᠎ᠠ | 35. ᠵᠠᠰᠠᠭ ᠵᠠᠬᠢᠷᠭᠠᠨ ᠤ ᠰᠢᠳᠬᠡᠯ ᠲᠣᠷᠭᠠᠭᠤᠯᠢ ᠶᠢᠨ ᠲᠠᠰᠤᠯᠤᠯᠲᠠ ᠶᠢᠨ ᠡᠷᠬᠡ ᠶᠢ ᠴᠢᠩᠭ᠎ᠠ | ᠨᠠᠶᠢᠳᠠᠪᠤᠷᠢᠵᠢᠭᠤᠯᠵᠤ᠂ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠬᠠᠤᠯᠢ ᠲᠣᠭᠲᠠᠭᠠᠯ ᠠᠴᠠ ᠵᠥᠷᠢᠴᠡᠭᠰᠡᠨ | ᠬᠥᠩᠭᠡᠨ ᠦᠢᠯᠡ ᠠᠵᠢᠯᠯᠠᠭ᠎ᠠ ᠶᠢ ᠲᠣᠷᠭᠠᠬᠤ ᠠᠴᠠ ᠬᠡᠯᠲᠦᠷᠢᠭᠦᠯᠦᠨ᠎ᠡ᠃ ᠵᠠᠰᠠᠭ ᠵᠠᠬᠢᠷᠭᠠᠨ ᠤ ᠰᠢᠳᠬᠡᠯ ᠥᠭᠬᠦ ᠥᠬᠡᠶ | ᠪᠠᠶᠢᠪᠠᠯ᠂ ᠵᠠᠷᠯᠢᠭᠳᠠᠵᠤ ᠪᠠᠶᠢᠭᠠᠳ ᠵᠠᠯᠠᠷᠠᠭᠤᠯᠤᠭᠤᠯᠬᠤ ᠠᠴᠠ ᠭᠠᠳᠠᠨ᠎ᠠ᠂ ᠰᠢᠭᠦᠮᠵᠢᠯᠡᠨ ᠰᠤᠷᠭᠠᠬᠤ᠂ ᠪᠣᠯᠵᠣᠨ | ᠶᠠᠷᠢᠯᠴᠠᠵᠤ ᠵᠢᠯᠣᠭᠤᠳᠬᠤ ᠵᠡᠷᠭᠡ ᠠᠷᠭ᠎ᠠ ᠬᠡᠮᠵᠢᠶ᠎ᠡ ᠪᠠᠷ ᠳᠠᠮᠵᠢᠭᠤᠯᠤᠨ᠂ ᠡᠵᠡᠩᠨᠡᠭᠴᠢᠳ ᠤᠨ ᠬᠠᠤᠯᠢ ᠶᠣᠰᠣᠭᠠᠷ | ᠲᠣᠭᠲᠠᠭᠠᠯ ᠳᠤ ᠨᠡᠶᠢᠴᠡᠭᠦᠯᠦᠨ ᠡᠵᠡᠩᠨᠡᠯᠲᠡ ᠶᠢᠨ ᠠᠵᠢᠯᠯᠠᠭ᠎ᠠ ᠥᠷᠨᠢᠭᠦᠯᠬᠦ ᠶᠢ ᠠᠬᠢᠭᠤᠯᠵᠤ᠂ ︽ᠬᠠᠯᠠᠭᠤᠨ ᠪᠦᠯᠢᠶᠡᠨ | ᠲᠠᠢ ᠪᠠᠷ ᠬᠠᠤᠯᠢ ᠬᠡᠷᠡᠭᠵᠢᠭᠦᠯᠬᠦ︾ ᠶᠢ ᠬᠡᠷᠡᠭᠵᠢᠬᠦᠯᠦᠨ᠎ᠡ᠃ ︵ᠬᠤᠲᠠ ᠶᠢᠨ ᠬᠠᠤᠯᠢ ᠴᠠᠭᠠᠵᠠ ᠶᠢᠨ ᠲᠣᠪᠴᠢᠶ᠎ᠠ︶ | 36. ︽ᠬᠤᠶᠠᠷ ᠢ ᠲᠣᠬᠢᠶᠠᠯᠳᠤᠯ ᠢᠶᠠᠷ ᠬᠢᠬᠦ᠂ ᠨᠢᠭᠡ ᠶᠢ ᠢᠯᠡ ᠪᠣᠯᠭᠠᠬᠤ︾ ᠬᠢᠨᠠᠯᠲᠠ ᠬᠠᠮᠢᠶᠠᠷᠤᠯᠲᠠ ᠶᠢ | ᠤᠯᠠᠮ ᠨᠢᠭᠡ ᠠᠯᠬᠤᠮ ᠨᠠᠶᠢᠳᠠᠪᠤᠷᠢᠵᠢᠭᠤᠯᠵᠤ᠂ ᠤᠯᠤᠰ ᠤᠨ ᠠᠮᠤᠷ ᠲᠦᠪᠰᠢᠨ᠂ ᠣᠯᠠᠨ ᠨᠡᠶᠢᠲᠡ ᠶᠢᠨ ᠠᠮᠤᠷ | ᠲᠦᠪᠰᠢᠨ᠂ ᠠᠷᠠᠳ ᠣᠯᠠᠨ ᠤ ᠠᠮᠢ ᠨᠠᠰᠤ ᠡᠷᠡᠭᠦᠯ ᠮᠡᠨᠳᠦ᠂ ᠰᠦᠷᠳᠡᠭᠦᠯᠦᠯ ᠢ ᠡᠰᠡᠷᠭᠦᠴᠡᠬᠦ᠂ ᠨᠢᠭᠤᠴᠠ ᠶᠢ | ᠬᠠᠮᠠᠭᠠᠯᠠᠬᠤ ᠠᠵᠢᠯ ᠲᠥᠷᠥᠯ ᠵᠡᠷᠭᠡ ᠣᠨᠴᠣᠭᠤᠶ ᠠᠵᠢᠯ ᠲᠥᠷᠥᠯ᠂ ᠭᠤᠤᠯᠳᠠᠯᠭ᠎ᠠ ᠲᠠᠢ ᠬᠦᠷᠢᠶ᠎ᠡ ᠴᠠᠷᠠᠭ᠎ᠠ ᠳᠤ | ᠰᠢᠭᠤᠳ ᠬᠤᠯᠪᠣᠭᠳᠠᠬᠤ ᠶᠢ ᠭᠠᠷᠭᠠᠪᠠᠯ᠂ ᠡᠯ᠎ᠡ ᠰᠠᠯᠠᠭ᠎ᠠ ᠮᠥᠴᠢᠷ ᠤᠨ ᠥᠷᠨᠢᠭᠦᠯᠦᠭᠰᠡᠨ ᠵᠠᠰᠠᠭ ᠵᠠᠬᠢᠷᠭᠠᠨ ᠤ | ᠪᠠᠶᠢᠴᠠᠭᠠᠯᠲᠠ ᠶᠢ ᠴᠥᠮ ︽ᠬᠤᠶᠠᠷ ᠢ ᠲᠣᠬᠢᠶᠠᠯᠳᠤᠯ ᠢᠶᠠᠷ ᠬᠢᠬᠦ︾ ᠠᠷᠭ᠎ᠠ ᠮᠠᠶ᠋ᠢᠭ ᠢᠶᠠᠷ ᠶᠠᠪᠤᠭᠳᠠᠭᠤᠯᠤᠨ᠎ᠠ᠃ | ᠬᠠᠤᠯᠢ ᠴᠠᠭᠠᠵᠠ ᠬᠠᠤᠯᠢ ᠲᠣᠭᠲᠠᠭᠠᠯ ᠤᠨ ᠲᠣᠭᠲᠠᠭᠠᠯ ᠶᠣᠰᠣᠭᠠᠷ᠂ ᠰᠤᠭᠤᠴᠢᠨ ᠪᠠᠶᠢᠴᠠᠭᠠᠬᠤ ᠵᠦᠢᠯᠡᠰ᠂ | ᠰᠤᠭᠤᠴᠢᠨ ᠪᠠᠶᠢᠴᠠᠭᠠᠬᠤ ᠲᠥᠯᠥᠪᠯᠡᠭᠡ᠂ ᠪᠠᠶᠢᠴᠠᠭᠠᠭᠰᠠᠨ ᠦᠷ᠎ᠡ ᠳ᠋ᠦᠩ ᠢᠶᠠᠨ ᠴᠠᠭ ᠲᠤᠬᠠᠶ ᠳᠤᠨᠢ᠂ | ᠣᠨᠣᠪᠴᠢᠲᠠᠶ ᠪᠠᠷ ᠨᠡᠶᠢᠭᠡᠮ ᠳᠤ ᠢᠯᠡ ᠪᠣᠯᠭᠠᠵᠤ᠂ ᠨᠡᠶᠢᠭᠡᠮ ᠤᠨ ᠬᠢᠨᠠᠯᠲᠠ ᠲᠠᠯᠪᠢᠯᠲᠠ ᠶᠢ ᠰᠠᠨᠠᠭᠠᠴᠢᠯᠠᠭ᠎ᠠ ᠠᠴᠠ ᠪᠠᠨ | ᠬᠦᠯᠢᠶᠡᠨ᠎ᠡ᠃ ︵ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ︶ | 37. ᠭᠤᠤᠯᠳᠠᠯᠭ᠎ᠠ ᠲᠠᠢ ᠬᠦᠷᠢᠶ᠎ᠡ ᠴᠠᠷᠠᠭ᠎ᠠ ᠶᠢᠨ ᠬᠢᠨᠠᠯᠲᠠ ᠬᠠᠮᠢᠶᠠᠷᠤᠯᠲᠠ ᠪᠠ ︽ᠬᠤᠶᠠᠷ ᠢ | ᠲᠣᠬᠢᠶᠠᠯᠳᠤᠯ ᠢᠶᠠᠷ ᠬᠢᠬᠦ᠂ ᠨᠢᠭᠡ ᠶᠢ ᠢᠯᠡ ᠪᠣᠯᠭᠠᠬᠤ︾ ᠬᠢᠨᠠᠯᠲᠠ ᠬᠠᠮᠢᠶᠠᠷᠤᠯᠲᠠ ᠶᠢ ᠣᠷᠭᠠᠨᠢᠭ ᠢᠶᠠᠷ | ᠤᠶᠠᠯᠳᠤᠭᠤᠯᠵᠤ᠂ ᠠᠳᠠᠯᠢ ᠪᠤᠰᠤ ᠢᠲᠡᠭᠡᠮᠵᠢ ᠶᠢᠨ ᠲᠦᠭᠰᠢᠭᠦᠷᠢ ᠶᠢᠨ ᠪᠠᠶᠢᠳᠠᠯ ᠲᠠᠢ ᠠᠵᠤ ᠠᠬᠤᠶᠢᠯᠠᠯ ᠳᠤ | ᠴᠢᠭᠯᠡᠭᠦᠯᠦᠨ᠂ ᠲᠥᠷᠥᠯ ᠬᠤᠪᠢᠶᠠᠨ ᠬᠢᠨᠠᠨ ᠬᠠᠮᠢᠶᠠᠷᠬᠤ ᠶᠢ ᠬᠡᠷᠡᠭᠵᠢᠭᠦᠯᠵᠦ᠂ ᠰᠤᠭᠤᠴᠢᠨ ᠪᠠᠶᠢᠴᠠᠭᠠᠬᠤ ᠬᠠᠷᠢᠴᠠᠯ | ᠪᠠ ᠲᠠᠪᠳᠠᠮᠵᠢ ᠪᠠᠨ ᠵᠦᠶ ᠵᠣᠬᠢᠰᠲᠠᠶ ᠲᠣᠭᠲᠠᠭᠠᠨ᠂ ᠵᠦᠷᠢᠶᠡᠴᠢᠯᠡᠭᠰᠡᠨ ᠬᠢᠨᠠᠯᠲᠠ ᠬᠠᠮᠢᠶᠠᠷᠤᠯᠲᠠ ᠶᠢ ᠬᠡᠷᠡᠭᠵᠢᠬᠦᠯᠦᠨ᠎ᠡ | ᠃ ︵ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ︶ | 38. ᠡᠯ᠎ᠡ ᠱᠠᠲᠤᠨ ᠤ ᠬᠢᠨᠠᠯᠲᠠ ᠬᠠᠮᠢᠶᠠᠷᠤᠯᠲᠠ ᠶᠢᠨ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠢ | ᠰᠢᠮᠳᠠᠭᠤᠯᠤᠨ ᠵᠢᠯᠣᠭᠤᠳᠴᠤ ᠪᠠᠶᠢᠭᠠᠳ ᠬᠢᠨᠠᠯᠲᠠ ᠬᠠᠮᠢᠶᠠᠷᠤᠯᠲᠠ ᠶᠢᠨ ᠵᠦᠢᠯᠡᠰ ᠤᠨ ᠭᠠᠷᠴᠠᠭ ᠢᠶᠠᠨ | ᠬᠥᠳᠡᠯᠦᠩᠭᠦᠶ ᠪᠠᠷ ᠳᠣᠭᠢᠷᠠᠭᠤᠯᠬᠤ᠂ ᠬᠠᠤᠯᠢ ᠬᠡᠷᠡᠭᠵᠢᠭᠦᠯᠬᠦ ᠠᠵᠢᠯᠲᠠᠨ ᠤ ᠲᠠᠩᠰᠠᠨ ᠡᠷᠦᠬᠡ ᠶᠢ ᠳᠣᠭᠢᠷᠠᠭᠤᠯᠬᠤ᠂ | ᠬᠢᠨᠠᠯᠲᠠ ᠬᠠᠮᠢᠶᠠᠷᠤᠯᠲᠠ ᠶᠢᠨ ᠲᠤᠭ᠎ᠠ ᠪᠠᠷᠢᠮᠲᠠ ᠶᠢ ᠪᠢᠴᠢᠵᠦ ᠣᠷᠣᠭᠤᠯᠤᠨ ᠴᠤᠭᠯᠠᠭᠤᠯᠬᠤ ᠪᠠ ᠤᠯᠤᠰ ᠤᠨ ︽ | ᠢᠨᠲ᠋ᠧᠷ ᠰᠦᠯᠵᠢᠶ᠎ᠡ + ᠬᠢᠨᠠᠯᠲᠠ ᠬᠠᠮᠢᠶᠠᠷᠤᠯᠲᠠ︾ ᠶᠢᠨ ᠰᠢᠰᠲ᠋ᠧᠮ ᠤᠨ ᠨᠡᠶᠢᠳᠡᠯᠡᠬᠦ ᠲᠦᠭᠰᠢᠭᠦᠷᠢ ᠶᠢ | ᠬᠠᠷᠭᠤᠭᠤᠯᠤᠨ ᠪᠠᠶᠢᠴᠠᠭᠠᠬᠤ ᠵᠡᠷᠭᠡ ᠠᠵᠢᠯ ᠢᠶᠠᠨ ᠰᠠᠶᠢᠲᠤᠷ ᠬᠢᠵᠦ᠂ ᠰᠢᠰᠲ᠋ᠧᠮ ᠤᠨ ᠬᠡᠷᠡᠭᠯᠡᠯᠲᠡ ᠶᠢᠨ ᠬᠡᠮᠵᠢᠶ᠎ᠡ ᠶᠢ | ᠳᠡᠭᠡᠭᠰᠢᠯᠡᠭᠦᠯᠦᠨ᠂ ᠬᠢᠨᠠᠯᠲᠠ ᠬᠠᠮᠢᠶᠠᠷᠤᠯᠲᠠ ᠶᠢᠨ ᠲᠤᠭ᠎ᠠ ᠪᠠᠷᠢᠮᠲᠠ ᠶᠢ ᠬᠤᠷᠢᠶᠠᠨ ᠴᠤᠭᠯᠠᠭᠤᠯᠬᠤ ᠪᠠ | ᠬᠤᠯᠪᠣᠭᠳᠠᠭᠤᠯᠤᠨ ᠵᠠᠳᠠᠯᠬᠤ ᠶᠢ ᠠᠰᠢᠭᠯᠠᠨ᠂ ᠬᠢᠨᠠᠯᠲᠠ ᠬᠠᠮᠢᠶᠠᠷᠤᠯᠲᠠ ᠶᠢᠨ ᠨᠠᠷᠢᠯᠢᠭ ᠣᠨᠣᠴᠠᠵᠢᠭᠤᠯᠬᠤ ᠪᠠ | ᠤᠶᠤᠨᠵᠢᠭᠤᠯᠬᠤ ᠬᠢᠷᠢ ᠬᠡᠮᠵᠢᠶ᠎ᠡ ᠪᠠᠨ ᠳᠡᠭᠡᠭᠰᠢᠯᠡᠭᠦᠯᠦᠨ᠎ᠡ᠃ ︵ᠬᠤᠲᠠ ᠶᠢᠨ ᠵᠠᠰᠠᠭ ᠵᠠᠬᠢᠷᠭᠠᠨ ᠤ ᠬᠢᠨᠠᠨ | ᠵᠥᠪᠰᠢᠶᠡᠷᠡᠬᠦ ᠪᠠ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ︶ | 39. ᠳᠠᠭᠠᠭᠠᠴᠢᠯᠠᠯᠲᠠ ᠵᠠᠷᠯᠠᠵᠤ ᠳᠠᠭᠠᠭᠠᠴᠢᠯᠠᠯᠲᠠ ᠬᠦᠯᠢᠶᠡᠬᠦ ᠪᠥᠬᠦ ᠶᠠᠪᠤᠴᠠ ᠶᠢ ᠰᠦᠯᠵᠢᠶᠡᠨ ᠳᠡᠭᠡᠷ᠎ᠡ | ᠬᠢᠨᠠᠨ ᠬᠠᠮᠢᠶᠠᠷᠬᠤ ᠶᠢ ᠬᠡᠷᠡᠭᠵᠢᠭᠦᠯᠵᠦ᠂ ᠠᠷᠠᠯᠵᠢᠶᠠᠨ ᠤ ᠠᠵᠢᠯᠯᠠᠭ᠎ᠠ ᠶᠢᠨ ᠴᠠᠭ ᠲᠤᠬᠠᠶ ᠳᠤᠨᠢ ᠬᠥᠳᠡᠯᠦᠩᠭᠦᠶ | ᠬᠢᠨᠠᠯᠲᠠ ᠲᠠᠯᠪᠢᠬᠤ ᠠᠷᠭ᠎ᠠ ᠵᠠᠮ ᠢ ᠰᠠᠭᠠᠳ ᠥᠬᠡᠶ ᠨᠡᠪᠲᠡᠷᠡᠭᠦᠯᠵᠦ᠂ ᠬᠤᠳᠠᠯ ᠬᠡᠯᠡᠵᠦ ᠬᠠᠭᠤᠷᠮᠠᠭ ᠢᠶᠠᠷ ᠵᠣᠬᠢᠶᠠᠬᠤ᠂ | ᠳᠠᠭᠠᠭᠠᠴᠢᠯᠠᠯᠲᠠ ᠶᠢ ᠬᠦᠷᠢᠶᠡᠯᠡᠨ ᠳᠠᠭᠠᠭᠠᠴᠢᠯᠠᠯᠲᠠ ᠲᠠᠢ ᠰᠦᠯᠪᠡᠭᠡᠯᠡᠬᠦ᠂ ᠢᠯᠡ ᠪᠠᠷ ᠵᠠᠷᠯᠠᠨ ᠳᠠᠯᠳᠠᠭᠤᠷ | ᠲᠣᠭᠲᠠᠭᠠᠬᠤ᠂ ᠳᠠᠭᠠᠭᠠᠴᠢᠯᠠᠯᠲᠠ ᠶᠢ ᠦᠨᠡᠯᠡᠬᠦ ᠳᠤ ᠭᠤᠤᠯᠴᠢ ᠪᠤᠰᠤ ᠪᠠᠶᠢᠬᠤ ᠵᠡᠷᠭᠡ ᠬᠠᠤᠯᠢ ᠲᠣᠭᠲᠠᠭᠠᠯ ᠠᠴᠠ | ᠵᠥᠷᠢᠴᠡᠭᠰᠡᠨ ᠦᠢᠯᠡ ᠠᠵᠢᠯᠯᠠᠭ᠎ᠠ ᠳᠤ ᠴᠢᠩᠭ᠎ᠠ ᠴᠣᠬᠢᠯᠲᠠ ᠥᠭᠭᠦᠨ᠎ᠡ᠃ ︵ᠬᠤᠲᠠ ᠶᠢᠨ ᠣᠯᠠᠨ ᠨᠡᠶᠢᠲᠡ ᠶᠢᠨ ᠡᠬᠢ | ᠪᠠᠶᠠᠯᠢᠭ ᠤᠨ ᠠᠷᠠᠯᠵᠢᠶᠠᠨ ᠤ ᠲᠥᠪ︶ | | ᠲᠠᠪᠤ᠂ ᠬᠠᠤᠯᠢ ᠪᠠᠷ ᠵᠠᠰᠠᠭᠰᠠᠨ ᠬᠤᠳᠠᠯᠳᠤᠭ᠎ᠠ ᠡᠵᠡᠩᠨᠡᠬᠦ ᠣᠷᠴᠢᠨ ᠲᠣᠭᠤᠷᠢᠨ ᠢ ᠪᠥᠬᠦ ᠲᠠᠯ᠎ᠠ ᠪᠠᠷ ᠪᠣᠶ | ᠪᠣᠯᠭᠠᠨ᠎ᠠ | ︵ᠨᠢᠭᠡ︶ ᠬᠠᠤᠯᠢᠵᠢᠯ ᠤᠨ ᠵᠠᠰᠠᠭ ᠤᠨ ᠣᠷᠳᠣᠨ ᠤ ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠨ᠎ᠠ | 40. ᠬᠠᠤᠯᠢᠵᠢᠯ ᠤᠨ ᠵᠠᠰᠠᠭ ᠤᠨ ᠣᠷᠳᠣᠨ ᠤ ᠪᠠᠶᠢᠭᠤᠯᠤᠯᠲᠠ ᠶᠢ ᠦᠷᠭᠦᠯᠵᠢᠯᠡᠨ ᠴᠢᠩᠭᠠᠳᠬᠠᠵᠤ᠂ | ᠲᠣᠭᠲᠠᠭᠤᠨ ᠲᠥᠪ ᠭᠤᠤᠯᠴᠢ ᠢᠯᠡ ᠲᠣᠳᠣ᠂ ᠵᠢᠱᠢᠵᠦ ᠪᠣᠯᠬᠤᠶᠢᠴᠠ ᠬᠠᠤᠯᠢᠵᠢᠯ ᠤᠨ ᠬᠤᠳᠠᠯᠳᠤᠭ᠎ᠠ ᠡᠵᠡᠩᠨᠡᠬᠦ | ᠣᠷᠴᠢᠨ ᠲᠣᠭᠤᠷᠢᠨ ᠢ ᠪᠣᠶ ᠪᠣᠯᠭᠠᠨ᠎ᠠ᠃ ᠡᠯ᠎ᠡ ᠵᠦᠢᠯ ᠤᠨ ᠥᠮᠴᠢᠯᠡᠯ ᠤᠨ ᠠᠵᠤ ᠠᠬᠤᠶᠢᠯᠠᠯ ᠤᠨ ᠥᠮᠴᠢᠯᠡᠬᠦ ᠡᠷᠬᠡ | ᠪᠠ ᠡᠵᠡᠨ ᠮᠡᠳᠡᠵᠦ ᠡᠵᠡᠩᠨᠡᠬᠦ ᠡᠷᠬᠡ ᠶᠢ ᠬᠠᠤᠯᠢ ᠶᠣᠰᠣᠭᠠᠷ ᠡᠷᠬᠡ ᠲᠡᠭᠰᠢ ᠪᠠᠷ ᠬᠠᠮᠠᠭᠠᠯᠠᠵᠤ᠂ ᠵᠠᠰᠠᠭ ᠵᠠᠬᠢᠷᠭᠠᠨ ᠤ | ᠡᠷᠬᠡ ᠪᠠᠨ ᠳᠤᠷ᠎ᠠ ᠪᠠᠷ ᠢᠶᠠᠨ ᠬᠡᠷᠡᠭᠯᠡᠨ ᠥᠷᠢᠰᠥᠯᠳᠦᠭᠡᠨ ᠢ ᠭᠠᠳᠠᠭᠤᠷᠴᠢᠯᠠᠬᠤ᠂ ᠬᠢᠵᠠᠭᠠᠷᠯᠠᠬᠤ ᠠᠵᠢᠯᠯᠠᠭ᠎ᠠ ᠶᠢ | ᠦᠨᠡᠨ ᠬᠦ ᠰᠡᠷᠭᠡᠶᠢᠯᠡᠨ᠎ᠡ᠃ ᠨᠢᠭᠡᠳᠦᠯᠲᠡᠶ ᠵᠠᠬ᠎ᠠ ᠳᠡᠯᠭᠡᠭᠦᠷ ᠪᠠ ᠭᠤᠣᠯᠴᠢ ᠥᠷᠢᠰᠥᠯᠳᠦᠭᠡᠨ ᠢ ᠬᠠᠷᠰᠢᠯᠠᠬᠤ ᠡᠯ᠎ᠡ | ᠵᠦᠢᠯ ᠤᠨ ᠲᠣᠭᠲᠠᠭᠠᠯ ᠪᠠ ᠠᠷᠭ᠎ᠠ ᠬᠢᠳᠡᠯ ᠢ ᠴᠠᠭ ᠲᠤᠬᠠᠶ ᠳᠤᠨᠢ ᠴᠡᠪᠡᠷᠯᠡᠨ ᠬᠦᠴᠦᠨ ᠦᠭᠡᠢ ᠪᠣᠯᠭᠠᠵᠤ᠂ | ᠨᠢᠭᠡᠳᠦᠯᠲᠡᠶ ᠪᠥᠭᠡᠳ ᠨᠡᠭᠡᠭᠡᠯᠲᠡᠲᠡᠶ᠂ ᠥᠷᠢᠰᠥᠯᠳᠦᠭᠡᠨ ᠨᠢ ᠡᠮᠬᠢ ᠵᠢᠷᠤᠮ ᠲᠠᠢ᠂ ᠲᠦᠷᠢᠮ ᠨᠢ ᠪᠦᠷᠢᠨ ᠲᠡᠭᠦᠯᠳᠡᠷ᠂ | ᠵᠠᠰᠠᠯᠲᠠ ᠨᠢ ᠪᠦᠷᠢᠨ ᠲᠡᠭᠦᠯᠳᠡᠷ ᠥᠨᠳᠥᠷ ᠪᠠᠷᠢᠮᠵᠢᠶᠠᠲᠤ ᠵᠠᠬ᠎ᠠ ᠳᠡᠯᠭᠡᠭᠦᠷ ᠤᠨ ᠰᠢᠰᠲ᠋ᠧᠮ ᠤᠨ ᠪᠦᠷᠢᠯᠳᠦᠬᠦ ᠶᠢ | ᠲᠦᠯᠬᠢᠨ ᠠᠬᠢᠭᠤᠯᠤᠨ᠎ᠠ᠃ ︵ᠬᠤᠲᠠ ᠶᠢᠨ ᠬᠠᠤᠯᠢ ᠴᠠᠭᠠᠵᠠ ᠶᠢᠨ ᠲᠣᠪᠴᠢᠶ᠎ᠠ︶ | 41. ᠵᠠᠰᠠᠭ ᠤᠨ ᠣᠷᠳᠣᠨ ᠤ ᠣᠯᠠᠨ ᠨᠡᠶᠢᠲᠡ ᠶᠢ ᠢᠲᠡᠭᠡᠭᠦᠯᠬᠦ ᠬᠦᠴᠦᠨ ᠢᠶᠠᠨ ᠬᠦᠴᠦᠯᠡᠨ ᠳᠡᠭᠡᠭᠰᠢᠯᠡᠭᠦᠯᠵᠦ | ᠂ ᠥᠩᠭᠡᠷᠡᠭᠰᠡᠨ ᠤ ᠨᠢᠭᠡ ᠬᠤᠭᠤᠴᠠᠭᠠᠨ ᠳᠤ ᠪᠣᠶ ᠪᠣᠯᠤᠭᠰᠠᠨ ᠰᠢᠢᠳᠪᠦᠷᠢᠲᠦ ᠪᠣᠳᠣᠯᠭ᠎ᠠ ᠨᠢ ᠵᠦᠶ ᠵᠣᠬᠢᠰ ᠥᠬᠡᠶ᠂ | ᠬᠡᠯᠡᠯᠴᠡᠭᠡᠷ ᠢᠶᠠᠨ ᠥᠯᠥ ᠬᠦᠢᠴᠡᠳᠬᠡᠬᠦ᠂ ᠲᠥᠷᠥᠯ ᠵᠦᠢᠯ ᠢ ᠥᠯᠥ ᠨᠠᠶᠢᠳᠠᠪᠤᠷᠢᠵᠢᠭᠤᠯᠬᠤ᠂ ᠠᠮᠠᠯᠠᠯᠲᠠ ᠪᠠᠨ ᠥᠯᠥ | ᠪᠡᠶᠡᠯᠡᠭᠦᠯᠬᠦ᠂ ᠥᠷᠢᠲᠦᠭᠰᠡᠨ ᠢᠶᠠᠨ ᠥᠯᠥ ᠪᠤᠴᠠᠭᠠᠬᠤ ᠵᠡᠷᠭᠡ ᠲᠡᠤᠬᠡ ᠠᠴᠠ ᠦᠯᠡᠳᠡᠭᠳᠡᠵᠦ ᠢᠷᠡᠭᠰᠡᠨ ᠠᠰᠠᠭᠤᠳᠠᠯ ᠢ | ᠰᠢᠢᠳᠪᠦᠷᠢᠯᠡᠵᠦ᠂ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠳᠤᠮᠳᠠ ᠵᠢᠵᠢᠭ ᠠᠵᠤ ᠠᠬᠤᠶᠢᠯᠠᠯ ᠤᠨ | ᠲᠠᠩᠰᠠᠨ ᠵᠣᠭᠤᠰ ᠢ ᠥᠷᠢᠲᠦᠬᠦ ᠠᠰᠠᠭᠤᠳᠠᠯ ᠤᠨ ᠲᠣᠭᠤᠷᠢᠨ ᠳᠤ ᠲᠤᠰᠬᠠᠶ ᠢᠯᠭᠠᠷᠠᠭᠤᠯᠬᠤ ᠠᠵᠢᠯᠯᠠᠭ᠎ᠠ ᠶᠢ | ᠭᠤᠤᠯᠳᠠᠯᠭ᠎ᠠ ᠲᠠᠢ ᠥᠷᠨᠢᠭᠦᠯᠵᠦ᠂ ᠦᠢᠯᠡᠴᠢᠯᠡᠭᠡ ᠪᠠᠨ ᠨᠠᠩ ᠬᠠᠯᠠᠭᠤᠨ ᠳᠤᠯᠠᠭᠠᠨ ᠪᠣᠯᠭᠠᠵᠤ᠂ ᠵᠠᠰᠠᠭ ᠤᠨ | ᠣᠷᠳᠣᠨ ᠤ ᠦᠨᠡᠨᠴᠢ ᠢᠲᠡᠭᠡᠮᠵᠢᠲᠡᠶ ᠪᠠᠷ ᠠᠮᠠᠯᠠᠯᠲᠠ ᠪᠠᠨ ᠪᠡᠶᠡᠯᠡᠭᠦᠯᠬᠦ ᠶᠢ ᠠᠬᠢᠭᠤᠯᠤᠨ᠎ᠠ᠃ ︵ᠬᠤᠳᠠ ᠶᠢᠨ ᠠᠵᠤ | ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠲᠣᠪᠴᠢᠶ᠎ᠠ᠂ ᠡᠳ᠋ ᠤᠨ ᠵᠠᠰᠠᠭ ᠤᠨ ᠲᠣᠪᠴᠢᠶ᠎ᠠ︶ | ︵ᠬᠤᠶᠠᠷ︶ ᠢᠲᠡᠭᠡᠮᠵᠢ ᠶᠢᠨ ᠰᠢᠰᠲ᠋ᠧᠮᠵᠢ ᠶᠢᠨ ᠪᠠᠶᠢᠭᠤᠯᠤᠯᠲᠠ ᠶᠢ ᠭᠦᠨᠵᠡᠭᠡᠶ ᠲᠥᠯᠬᠢᠨ ᠠᠬᠢᠭᠤᠯᠤᠨ᠎ᠠ | 42. ︽ᠦᠬᠠᠶ ᠬᠤᠲᠠ ᠶᠢᠨ ᠵᠠᠰᠠᠭ ᠤᠨ ᠶᠠᠪᠤᠳᠠᠯ ᠤᠨ ᠦᠨᠡᠨᠴᠢ ᠢᠲᠡᠭᠡᠮᠵᠢ ᠶᠢᠨ ᠪᠠᠶᠢᠭᠤᠯᠤᠯᠲᠠ ᠶᠢ | ᠴᠢᠩᠭᠠᠳᠬᠠᠬᠤ ᠲᠤᠬᠠᠶ ᠬᠡᠷᠡᠭᠵᠢᠭᠦᠯᠬᠦ ᠰᠠᠨᠠᠯ︾ ᠢ ᠲᠣᠭᠲᠠᠭᠠᠨ ᠳᠠᠷᠤᠮᠠᠯᠯᠠᠨ ᠲᠠᠷᠬᠠᠭᠠᠵᠤ᠂ ᠵᠠᠰᠠᠭ ᠤᠨ ᠣᠷᠳᠣᠨ ᠤ | ᠦᠨᠡᠨᠴᠢ ᠢᠲᠡᠭᠡᠮᠵᠢ ᠶᠢᠨ ᠪᠠᠶᠢᠭᠤᠯᠤᠯᠲᠠ ᠳᠤᠮᠳᠠᠬᠢ ᠥᠯᠢᠭᠡᠷ ᠳᠠᠭᠤᠷᠢᠶᠠᠯ ᠦᠵᠡᠭᠦᠯᠬᠦ ᠦᠢᠯᠡᠳᠦᠯ ᠢᠶᠠᠨ ᠬᠦᠢᠴᠡᠳ | ᠪᠠᠳᠠᠷᠠᠭᠤᠯᠤᠨ᠂ ᠪᠥᠬᠦ ᠬᠤᠲᠠ ᠶᠢᠨ ᠵᠠᠰᠠᠭ ᠤᠨ ᠶᠠᠪᠤᠳᠠᠯ ᠤᠨ ᠦᠨᠡᠨᠴᠢ ᠢᠲᠡᠭᠡᠮᠵᠢ ᠶᠢᠨ ᠪᠠᠶᠢᠭᠤᠯᠤᠯᠲᠠ ᠶᠢ | ᠭᠦᠨᠵᠡᠭᠡᠶ ᠠᠬᠢᠭᠤᠯᠤᠨ᠎ᠠ᠃ ︽ᠦᠬᠠᠶ ᠬᠤᠲᠠ ᠶᠢᠨ ᠵᠠᠰᠠᠭ ᠤᠨ ᠣᠷᠳᠣᠨ ᠤ ᠪᠠᠶᠢᠭᠤᠯᠭ᠎ᠠ ᠶᠢᠨ ᠢᠲᠡᠭᠡᠮᠵᠢ ᠶᠢᠨ | ᠮᠡᠳᠡᠭᠡ ᠵᠠᠩᠭᠢ ᠶᠢᠨ ᠭᠠᠷᠴᠠᠭ ᠤᠨ ᠨᠠᠷᠢᠨ ᠲᠠᠩᠰᠠ︾ ᠶᠢ ᠨᠠᠶᠢᠷᠠᠭᠤᠯᠤᠨ ᠵᠣᠬᠢᠶᠠᠵᠤ᠂ ᠵᠠᠰᠠᠭ ᠤᠨ ᠣᠷᠳᠣᠨ ᠤ | ᠪᠠᠶᠢᠭᠤᠯᠭ᠎ᠠ ᠶᠢᠨ ᠢᠲᠡᠭᠡᠮᠵᠢ ᠶᠢᠨ ᠮᠡᠳᠡᠭᠡ ᠵᠠᠩᠭᠢ ᠶᠢ ᠴᠤᠭᠯᠠᠭᠤᠯᠵᠤ ᠬᠠᠮᠲᠤᠪᠠᠷ ᠭᠥᠷᠳᠡᠬᠦ ᠲᠣᠭᠲᠠᠴᠠ ᠶᠢ | ᠪᠠᠶᠢᠭᠤᠯᠤᠨ᠎ᠠ᠃ ︵ᠬᠤᠳᠠ ᠶᠢᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ︶ | 43. ᠵᠠᠰᠠᠭ ᠤᠨ ᠣᠷᠳᠣᠨ ᠤ ᠪᠠᠶᠢᠭᠤᠯᠤᠮᠵᠢ ᠶᠢᠨ ᠦᠨᠡᠨᠴᠢ ᠢᠲᠡᠭᠡᠮᠵᠢ ᠶᠢᠨ ᠲᠠᠩᠰᠠ ᠡᠪᠬᠡᠮᠡᠯ ᠢ | ᠪᠠᠶᠢᠭᠤᠯᠵᠤ᠂ ᠵᠠᠰᠠᠭ ᠤᠨ ᠣᠷᠳᠣᠨ ᠤ ᠪᠠᠶᠢᠭᠤᠯᠤᠮᠵᠢ ᠶᠢᠨ ᠡᠯ᠎ᠡ ᠲᠥᠷᠥᠯ ᠤᠨ ᠢᠷᠠᠭᠤ ᠠᠯᠳᠠᠷ ᠤᠨ ᠮᠡᠳᠡᠭᠡ ᠵᠠᠩᠭᠢ | ᠂ ᠢᠲᠡᠭᠡᠯ ᠠᠯᠳᠠᠭᠰᠠᠨ ᠮᠡᠳᠡᠭᠡ ᠵᠠᠩᠭᠢ ᠶᠢ ᠦᠨᠡᠨᠴᠢ ᠢᠲᠡᠭᠡᠮᠵᠢ ᠶᠢᠨ ᠲᠠᠩᠰᠠ ᠡᠪᠬᠡᠮᠡᠯ ᠤᠨ ᠲᠡᠮᠳᠡᠭᠯᠡᠯ ᠳᠤ | ᠣᠷᠣᠭᠤᠯᠣᠨ᠎ᠠ᠃ ᠠᠯᠪᠠᠨ ᠲᠤᠰᠢᠶᠠᠯᠲᠠᠨ ᠤ ᠦᠨᠡᠨᠴᠢ ᠢᠲᠡᠭᠡᠮᠵᠢ ᠶᠢᠨ ᠲᠠᠩᠰᠠ ᠡᠪᠬᠡᠮᠡᠯ ᠢ ᠠᠯᠬᠤᠮ ᠬᠤᠪᠢᠶᠠᠨ | ᠪᠠᠶᠢᠭᠤᠯᠵᠤ᠂ ᠠᠯᠪᠠᠨ ᠲᠤᠰᠢᠶᠠᠯᠲᠠᠨ ᠤ ᠬᠤᠪᠢ ᠬᠥᠮᠦᠨ ᠤ ᠡᠯ᠎ᠡ ᠲᠥᠷᠥᠯ ᠤᠨ ᠬᠥᠬᠢᠭᠦᠯᠦᠯ ᠰᠠᠶᠢᠰᠢᠶᠠᠯ᠂ ᠣᠨ ᠤ | ᠬᠢᠨᠠᠨ ᠰᠢᠯᠭᠠᠯᠲᠠ᠂ ᠡᠩ ᠤᠨ ᠢᠲᠡᠭᠡᠯ ᠠᠯᠳᠠᠭᠰᠠᠨ ᠦᠢᠯᠡ ᠠᠵᠢᠯᠯᠠᠭ᠎ᠠ ᠵᠡᠷᠭᠡ ᠢᠲᠡᠭᠡᠮᠵᠢ ᠶᠢᠨ ᠮᠡᠳᠡᠭᠡ ᠵᠠᠩᠭᠢ ᠶᠢ | ᠲᠡᠮᠳᠡᠭᠯᠡᠨ᠎ᠡ᠃ ᠵᠠᠰᠠᠭ ᠤᠨ ᠣᠷᠳᠣᠨ ᠤ ᠪᠠᠶᠢᠭᠤᠯᠤᠮᠵᠢ ᠵᠢᠴᠢ ᠠᠯᠪᠠᠨ ᠲᠤᠰᠢᠶᠠᠯᠲᠠᠨ ᠤ ᠢᠲᠡᠭᠡᠮᠵᠢ ᠶᠢᠨ ᠲᠠᠩᠰᠠ | ᠡᠪᠬᠡᠮᠡᠯ ᠢ ᠬᠤᠲᠠ ᠶᠢᠨ ᠢᠲᠡᠭᠡᠮᠵᠢ ᠶᠢᠨ ᠮᠡᠳᠡᠭᠡ ᠵᠠᠩᠭᠢ ᠶᠢ ᠬᠠᠮᠲᠤ ᠪᠠᠷ ᠡᠳ᠋ᠯᠡᠬᠦ ᠲᠠᠪᠴᠠᠩ ᠢᠶᠠᠷ ᠳᠠᠮᠵᠢᠭᠤᠯᠤᠨ | ᠴᠤᠭᠯᠠᠭᠤᠯᠬᠤ ᠶᠢᠨ ᠬᠠᠮᠲᠤ ᠬᠤᠯᠪᠣᠭᠳᠠᠯ ᠪᠥᠬᠦᠶ ᠰᠠᠯᠠᠭ᠎ᠠ ᠮᠥᠴᠢᠷ ᠲᠤ ᠬᠠᠮᠲᠤ ᠪᠠᠷ ᠡᠳ᠋ᠯᠡᠵᠦ᠂ ᠰᠢᠯᠢᠳᠡᠭ ᠢ | ᠰᠢᠯᠭᠠᠷᠠᠭᠤᠯᠤᠨ ᠲᠡᠷᠢᠭᠦᠨ ᠢ ᠰᠢᠯᠭᠠᠷᠠᠭᠤᠯᠬᠤ᠂ ᠲᠤᠰᠢᠶᠠᠯ ᠳᠤ ᠳᠡᠪᠰᠢᠬᠦ ᠵᠡᠷᠭᠡ ᠲᠠᠯ᠎ᠠ ᠶᠢᠨ ᠴᠢᠬᠤᠯᠠ ᠯᠠᠪᠯᠠᠯᠲᠠ | ᠪᠣᠯᠭᠠᠨ᠎ᠠ᠃ ︵ᠬᠤᠳᠠ ᠶᠢᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ︶ | 44. ᠣᠯᠠᠨ ᠨᠡᠶᠢᠲᠡ ᠶᠢᠨ ᠢᠲᠡᠭᠡᠮᠵᠢ ᠶᠢᠨ ᠮᠡᠳᠡᠭᠡ ᠵᠠᠩᠭᠢ ᠶᠢ ᠲᠤᠬᠠᠶᠢᠯᠠᠭᠰᠠᠨ ᠠᠵᠢᠯ ᠤᠨ ᠰᠢᠰᠲ᠋ᠧᠮ ᠪᠠ | ᠬᠠᠤᠯᠢ ᠬᠡᠷᠡᠭᠵᠢᠭᠦᠯᠦᠯᠲᠡ ᠶᠢᠨ ᠬᠢᠨᠠᠯᠲᠠ ᠬᠠᠮᠢᠶᠠᠷᠤᠯᠲᠠ ᠶᠢᠨ ᠰᠢᠰᠲ᠋ᠧᠮ ᠳᠤ ᠰᠢᠭᠢᠳᠬᠡᠨ ᠣᠷᠣᠭᠤᠯᠬᠤ ᠶᠢ | ᠠᠬᠢᠭᠤᠯᠵᠤ᠂ ᠬᠡᠷᠡᠭ ᠤᠨ ᠡᠮᠦᠨ᠎ᠡ ᠢᠲᠡᠭᠡᠮᠵᠢ ᠶᠢᠨ ᠠᠮᠠᠯᠠᠯᠲᠠ ᠬᠢᠬᠦ᠂ ᠬᠡᠷᠡᠭ ᠤᠨ ᠳᠤᠮᠳᠠ ᠲᠥᠷᠥᠯ ᠬᠤᠪᠢᠶᠠᠨ | ᠬᠢᠨᠠᠨ ᠬᠠᠮᠢᠶᠠᠷᠬᠤ᠂ ᠬᠡᠷᠡᠭ ᠤᠨ ᠳᠠᠷᠠᠭ᠎ᠠ ᠱᠠᠩᠨᠠᠵᠤ ᠵᠠᠯᠬᠠᠭᠠᠵᠤ ᠰᠡᠷᠭᠦᠭᠡᠬᠦ ᠬᠢᠨᠠᠯᠲᠠ ᠬᠠᠮᠢᠶᠠᠷᠤᠯᠲᠠ ᠶᠢᠨ | ᠰᠢᠰᠲ᠋ᠧᠮᠵᠢ ᠶᠢ ᠪᠠᠶᠢᠭᠤᠯᠤᠨ᠎ᠠ᠃ ︵ᠬᠤᠳᠠ ᠶᠢᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ︶ | 45. ᠢᠲᠡᠭᠡᠮᠵᠢ ᠶᠢ ᠰᠡᠷᠭᠦᠭᠡᠬᠦ ᠲᠣᠭᠲᠠᠴᠠ ᠶᠢ ᠲᠡᠭᠦᠯᠳᠡᠷᠵᠢᠭᠦᠯᠵᠦ᠂ ᠢᠲᠡᠭᠡᠯ ᠠᠯᠳᠠᠭᠰᠠᠨ ᠮᠡᠳᠡᠭᠡ | ᠵᠠᠩᠭᠢ ᠶᠢ ᠰᠡᠷᠭᠦᠭᠡᠬᠦ ᠶᠢ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ︽ᠨᠢᠭᠡ ᠰᠦᠯᠵᠢᠶ᠎ᠡ ᠪᠠᠷ ᠨᠡᠶᠢᠳᠡᠮ | ᠬᠦᠢᠴᠡᠳᠬᠡᠬᠦ︾ ᠳᠤ ᠣᠷᠣᠭᠤᠯᠤᠨ᠂ ᠢᠲᠡᠭᠡᠯ ᠠᠯᠳᠠᠭᠰᠠᠨ ᠮᠡᠳᠡᠭᠡ ᠵᠠᠩᠭᠢ ᠶᠢ ᠰᠡᠷᠭᠦᠭᠡᠬᠦ ᠨᠥᠬᠦᠴᠡᠯ᠂ ᠪᠠᠷᠢᠮᠵᠢᠶ᠎ᠠ᠂ | ᠴᠤᠪᠤᠷᠠᠯ ᠵᠡᠷᠭᠡ ᠬᠦᠴᠦᠨ ᠵᠦᠢᠯ ᠢ ᠲᠣᠳᠣᠷᠬᠠᠶᠢᠯᠠᠵᠤ᠂ ᠢᠲᠡᠭᠡᠯ ᠠᠯᠳᠠᠭᠰᠠᠨ ᠭᠤᠤᠯ ᠴᠣᠭᠴᠠ ᠶᠢᠨ ᠠᠯᠳᠠᠭ᠎ᠠ ᠪᠠᠨ | ᠥᠪᠡᠰᠦᠪᠡᠨ ᠵᠠᠯᠠᠷᠠᠭᠤᠯᠬᠤ ᠶᠢ ᠵᠣᠷᠢᠭᠵᠢᠭᠤᠯᠤᠨ᠂ ᠰᠡᠷᠭᠦᠭᠡᠬᠦ ᠨᠥᠬᠦᠴᠡᠯ ᠳᠤ ᠨᠡᠶᠢᠴᠡᠬᠦ ᠢᠲᠡᠭᠡᠯ ᠠᠯᠳᠠᠭᠰᠠᠨ ᠭᠤᠤᠯ | ᠴᠣᠭᠴᠠ ᠶᠢ ᠢᠲᠡᠭᠡᠯ ᠠᠯᠳᠠᠭᠰᠠᠨ ᠨᠡᠷᠡᠰ ᠠᠴᠠ ᠴᠠᠭ ᠲᠤᠬᠠᠶ ᠳᠤᠨᠢ ᠰᠢᠯᠵᠢᠭᠦᠯᠦᠨ ᠭᠠᠷᠭᠠᠨ᠎ᠠ᠃ ︵ᠬᠤᠳᠠ ᠶᠢᠨ | ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ︶ | ︵ᠭᠤᠷᠪᠠ︶ ᠵᠠᠰᠠᠭ ᠠᠵᠤ ᠠᠬᠤᠶᠢᠯᠠᠯ ᠤᠨ ᠠᠷᠠᠳ ᠲᠤ ᠲᠦᠭᠦᠮ ᠦᠵᠡᠭᠦᠯᠬᠦ ᠨᠡᠪᠲᠡᠷᠡᠯᠴᠡᠬᠦ ᠲᠠᠪᠴᠠᠩ ᠢ | ᠤᠯᠠᠨ ᠠᠷᠭ᠎ᠠ ᠵᠠᠮ ᠢᠶᠠᠷ ᠪᠠᠶᠢᠭᠤᠯᠤᠨ᠎ᠠ | 46. 12345 ᠬᠠᠯᠠᠮᠰᠢᠯ ᠤᠲᠠᠰᠤ ᠶᠢ ᠬᠦᠯᠢᠶᠡᠨ ᠠᠪᠬᠤ᠂ ᠠᠵᠢᠯ ᠳᠤ ᠲᠣᠮᠢᠯᠠᠬᠤ᠂ ᠭᠦᠢᠴᠡᠳᠬᠡᠬᠦ᠂ | ᠬᠠᠷᠢᠭᠤᠯᠲᠠ ᠥᠭᠬᠦ ᠵᠡᠷᠭᠡ ᠭᠤᠭᠴᠤᠭ᠎ᠠ ᠶᠢᠨ ᠠᠵᠢᠯ ᠤᠨ ᠶᠠᠪᠤᠴᠠ ᠶᠢ ᠬᠠᠤᠯᠢ ᠲᠣᠭᠲᠠᠭᠠᠯ ᠶᠣᠰᠣᠭᠠᠷ | ᠲᠡᠭᠦᠯᠳᠡᠷᠵᠢᠭᠦᠯᠵᠦ᠂ ᠭᠤᠮᠣᠳᠠᠯ ᠱᠠᠭᠠᠷᠳᠠᠯᠭ᠎ᠠ ᠶᠢ ᠲᠡᠰ ᠬᠤᠪᠢᠶᠠᠨ ᠲᠦᠷᠦᠯ ᠬᠤᠪᠢᠶᠠᠨ ᠰᠢᠢᠳᠪᠦᠷᠢᠯᠡᠬᠦ | ᠲᠣᠭᠲᠠᠴᠠ ᠶᠢ ᠪᠠᠶᠢᠭᠤᠯᠵᠤ᠂ ᠬᠦᠯᠢᠶᠡᠨ ᠠᠪᠴᠤ ᠰᠢᠢᠳᠪᠦᠷᠢᠯᠡᠬᠦ᠂ ᠲᠡᠷᠡ ᠳᠠᠷᠤᠶ ᠳᠤᠨᠢ ᠰᠢᠯᠵᠢᠭᠦᠯᠦᠨ | ᠰᠢᠢᠳᠪᠦᠷᠢᠯᠡᠭᠦᠯᠬᠦ᠂ ᠬᠤᠭᠤᠴᠠᠭ᠎ᠠ ᠬᠢᠵᠠᠭᠠᠷᠯᠠᠨ ᠰᠢᠢᠳᠪᠦᠷᠢᠯᠡᠬᠦ᠂ ᠬᠠᠨᠤᠮᠵᠢ ᠶᠢᠨ ᠬᠡᠮᠵᠢᠶ᠎ᠡ ᠶᠢ ᠬᠡᠮᠵᠢᠨ ᠲᠣᠭᠲᠠᠭᠠᠬᠤ | ᠵᠡᠷᠭᠡ ᠱᠠᠭᠠᠷᠳᠠᠯᠭ᠎ᠠ ᠶᠢ ᠲᠣᠳᠣᠷᠬᠠᠶ ᠵᠢᠷᠤᠮᠵᠢᠭᠤᠯᠵᠤ᠂ ᠬᠡᠷᠡᠭ ᠶᠠᠪᠤᠳᠠᠯ ᠢ ᠡᠭᠦᠷᠭᠡ ᠴᠢᠳᠠᠪᠤᠷᠢ ᠲᠤᠰᠢᠶᠠᠯ | ᠬᠠᠷᠢᠭᠤᠴᠠᠯᠭ᠎ᠠ᠂ ᠬᠠᠷᠢᠶᠠᠯᠠᠯ ᠤᠨ ᠡᠷᠬᠡ ᠮᠡᠳᠡᠯ ᠤᠨ ᠬᠡᠪᠴᠢᠶ᠎ᠡ ᠪᠠᠷ ᠰᠠᠯᠭᠠᠨ ᠰᠢᠢᠳᠪᠦᠷᠢᠯᠡᠬᠦ ᠪᠠ ᠤᠯᠠᠨ ᠰᠠᠯᠠᠭ᠎ᠠ | ᠮᠥᠴᠢᠷ ᠬᠠᠮᠵᠢᠯᠴᠠᠨ ᠰᠢᠢᠳᠪᠦᠷᠢᠯᠡᠬᠦ ᠲᠦᠷᠢᠮ ᠢ ᠲᠡᠭᠦᠯᠳᠡᠷᠵᠢᠭᠦᠯᠵᠦ᠂ ᠠᠵᠤ ᠠᠬᠤᠶᠢᠯᠠᠯ ᠤᠨ ᠭᠤᠮᠣᠳᠠᠯ | ᠱᠠᠭᠠᠷᠳᠠᠯᠭ᠎ᠠ ᠶᠢ ᠥᠨᠳᠥᠷ ᠪᠦᠲᠦᠮᠵᠢᠲᠡᠶ ᠪᠠᠷ ᠰᠢᠢᠳᠪᠦᠷᠢᠯᠡᠬᠦ ᠪᠠᠷᠢᠮᠵᠢᠶ᠎ᠡ ᠪᠠᠷ ᠵᠠᠭᠠᠯᠳᠤᠯᠭ᠎ᠠ ᠶᠢ ᠲᠡᠷᠡ ᠳᠠᠷᠤᠶ ᠳᠤᠨᠢ | ᠰᠢᠢᠳᠪᠦᠷᠢᠯᠡᠬᠦ ᠠᠵᠢᠯ ᠤᠨ ᠲᠣᠭᠲᠠᠴᠠ ᠶᠢ ᠪᠦᠷᠢᠨᠰᠢᠬᠦᠯᠦᠨ᠎ᠠ᠃ ︵ᠬᠤᠲᠠ ᠶᠢᠨ ᠬᠡᠪᠴᠢᠶᠡᠨ ᠳᠠᠬᠢ ᠨᠡᠶᠢᠭᠡᠮ ᠤᠨ | ᠵᠠᠰᠠᠯᠲᠠ ᠶᠢᠨ ᠲᠥᠪ︶ | 47. ︽ᠮᠦᠩᠭᠡ ᠴᠢᠳᠠᠮᠵᠢ︾ ᠲᠠᠪᠴᠠᠩ ᠢ ᠰᠠᠶᠢᠲᠤᠷ ᠬᠡᠷᠡᠭᠯᠡᠨ᠂ ᠲᠠᠪᠴᠠᠩ ᠤᠨ ᠲᠤᠬᠠᠶᠢᠯᠠᠭᠰᠠᠨ | ᠠᠵᠢᠯ ᠤᠨ ᠬᠠᠮᠤᠷᠬᠤ ᠬᠡᠪᠴᠢᠶ᠎ᠡ ᠶᠢ ᠦᠷᠭᠦᠯᠵᠢᠯᠡᠨ ᠥᠷᠭᠡᠳᠬᠡᠵᠦ᠂ ᠲᠠᠪᠴᠠᠩ ᠤᠨ ᠴᠢᠳᠠᠮᠵᠢ ᠪᠠᠨ ᠲᠠᠰᠤᠷᠠᠯᠲᠠ | ᠥᠬᠡᠶ ᠲᠡᠭᠦᠯᠳᠡᠷᠵᠢᠭᠦᠯᠦᠨ᠂ ᠠᠵᠤ ᠠᠬᠤᠶᠢᠯᠠᠯ ᠳᠤ ᠬᠦᠰᠡᠯ ᠱᠠᠭᠠᠷᠳᠠᠯᠭ᠎ᠠ ᠶᠢ ᠭᠥᠯᠢᠶᠡᠨ ᠠᠪᠴᠤ ᠰᠢᠢᠳᠪᠦᠷᠢᠯᠡᠬᠦ᠂ | ᠲᠥᠷᠥ ᠶᠢᠨ ᠪᠣᠳᠣᠯᠭ᠎ᠠ ᠶᠢᠨ ᠯᠠᠪᠯᠠᠭ᠎ᠠ ᠥᠭᠴᠦ ᠮᠠᠳᠠᠭ ᠲᠠᠢ ᠠᠰᠠᠭᠤᠳᠠᠯ ᠢ ᠬᠠᠷᠢᠭᠤᠯᠬᠤ᠂ ᠠᠰᠠᠭᠤᠯᠲᠠ ᠶᠢᠨ | ᠬᠠᠭᠤᠳᠠᠰᠤ ᠪᠠᠷ ᠪᠠᠶᠢᠴᠠᠭᠠᠬᠤ ᠵᠡᠷᠭᠡ ᠦᠢᠯᠡᠴᠢᠯᠡᠭᠡ ᠬᠠᠩᠭᠠᠬᠤ ᠶᠢᠨ ᠬᠠᠮᠲᠤ᠂ ᠡᠯ᠎ᠡ ᠰᠠᠯᠠᠭ᠎ᠠ ᠮᠥᠴᠢᠷ ᠲᠤ | ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠬᠤᠯᠪᠤᠭᠳᠠᠯ ᠪᠥᠬᠦᠶ ᠲᠤᠭ᠎ᠠ ᠪᠠᠷᠢᠮᠲᠠ ᠶᠢᠨ ᠵᠠᠳᠠᠯᠤᠯᠲᠠ ᠶᠢᠨ | ᠦᠢᠯᠡᠴᠢᠯᠡᠭᠡ ᠬᠠᠩᠭᠠᠨ᠎ᠠ᠃ ︵ᠬᠤᠳᠠ ᠶᠢᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ︶ | 48. ᠠᠵᠤ ᠠᠬᠤᠶᠢᠯᠠᠯ ᠤᠨ ᠲᠤᠰᠬᠠᠭᠰᠠᠨ ᠭᠤᠮᠣᠳᠠᠯ ᠲᠣᠭᠠᠴᠢᠯᠲᠠ ᠶᠢᠨ ᠠᠰᠠᠭᠤᠳᠠᠯ ᠢ ᠰᠢᠢᠳᠪᠦᠷᠢᠯᠡᠭᠰᠡᠨ | ᠪᠠᠶᠢᠳᠠᠯ ᠳᠤ ᠴᠠᠭ ᠲᠤᠬᠠᠶ ᠳᠤᠨᠢ ᠲᠤᠬᠢᠷᠠᠭᠤᠯᠤᠯᠳᠠ ᠬᠢᠵᠦ᠂ ᠤᠳᠠᠭᠠᠰᠢᠷᠠᠭᠤᠯᠤᠭᠠᠳ ᠰᠢᠢᠳᠪᠦᠷᠢᠯᠡᠭᠰᠡᠨ ᠥᠬᠡᠶ | ᠪᠠᠶᠢᠪᠠᠯ ᠵᠠᠬᠢᠳᠠᠯ ᠢᠶᠠᠷ ᠠᠰᠠᠭᠤᠬᠤ᠂ ᠪᠠᠶᠢᠳᠠᠯ ᠢ ᠬᠢᠨᠠᠨ ᠬᠠᠷᠭᠤᠭᠤᠯᠬᠤ᠂ ᠳ᠋ᠤᠭᠠᠷᠯᠠᠨ ᠰᠢᠮᠳᠠᠭᠤᠯᠤᠨ | ᠰᠢᠢᠳᠪᠦᠷᠢᠯᠡᠭᠦᠯᠬᠦ ᠪᠠᠷ ᠲᠠᠮᠵᠢᠨ᠂ ᠲᠣᠭᠲᠠᠭᠰᠠᠨ ᠬᠤᠭᠤᠴᠠᠭᠠᠨ ᠳᠤ ᠴᠡᠭᠴᠡᠯᠡᠨ ᠰᠠᠶᠢᠵᠢᠷᠠᠭᠤᠯᠤᠭᠰᠠᠨ ᠨᠢ | ᠪᠠᠷᠢᠮᠵᠢᠶ᠎ᠠ ᠳᠤ ᠬᠥᠷᠬᠦ ᠥᠬᠡᠶ ᠪᠠᠶᠢᠪᠠᠯ᠂ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠳᠤ | ᠰᠢᠯᠵᠢᠭᠦᠯᠦᠨ ᠲᠤᠰᠢᠶᠠᠵᠤ ᠮᠦᠷᠳᠡᠯᠳᠡ ᠬᠢᠯᠭᠡᠨ᠎ᠡ᠃ ︵ᠬᠤᠲᠠ ᠶᠢᠨ ᠬᠠᠤᠯᠢ ᠶᠣᠰᠣᠭᠠᠷ ᠬᠤᠲᠠ ᠶᠢ ᠵᠠᠰᠠᠬᠤ ᠠᠯᠪᠠᠨ | ᠬᠡᠷ︶ | 49. ᠬᠤᠳᠠᠯᠳᠤᠭ᠎ᠠ ᠡᠵᠡᠩᠨᠡᠬᠦ ᠣᠷᠴᠢᠨ ᠲᠣᠭᠤᠷᠢᠨ ᠤ ᠬᠢᠨᠠᠯᠲᠠ ᠲᠠᠯᠪᠢᠯᠲᠠ ᠶᠢ ᠨᠡᠪᠲᠡᠷᠡᠭᠦᠯᠬᠦ ᠪᠠᠨ | ᠴᠢᠩᠭᠠᠷᠠᠭᠤᠯᠵᠤ᠂ ᠵᠠᠬ᠎ᠠ ᠳᠡᠯᠭᠡᠭᠦᠷ ᠤᠨ ᠭᠤᠤᠯ ᠴᠣᠭᠴᠠ ᠪᠠ ᠨᠡᠶᠢᠭᠡᠮ ᠨᠡᠶᠢᠲᠡ ᠶᠢᠨ ᠬᠠᠨᠤᠮᠵᠢ ᠶᠢᠨ ᠬᠡᠮᠵᠢᠶ᠎ᠡ ᠶᠢ | ᠳᠡᠭᠡᠭᠰᠢᠯᠡᠭᠦᠯᠦᠨ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ᠂ ᠤᠯᠤᠰ ᠲᠥᠷᠥ ᠶᠢᠨ | ᠵᠥᠪᠯᠡᠯᠭᠡᠨ ᠤ ᠭᠡᠰᠢᠭᠦᠨ᠂ ᠠᠵᠤ ᠠᠬᠤᠶᠢᠯᠠᠯᠲᠠᠨ ᠤ ᠲᠥᠯᠥᠭᠡᠯᠡᠭᠴᠢ ᠶᠢ ᠤᠷᠢᠵᠤ ᠬᠤᠳᠠᠯᠳᠤᠭ᠎ᠠ ᠡᠵᠡᠩᠨᠡᠬᠦ ᠣᠷᠴᠢᠨ | ᠲᠣᠭᠤᠷᠢᠨ ᠤ ᠬᠢᠨᠠᠯᠲᠠ ᠲᠠᠯᠪᠢᠭᠴᠢ ᠶᠢᠨ ᠲᠤᠰᠢᠶᠠᠯ ᠢ ᠡᠭᠦᠷᠭᠡᠯᠡᠭᠦᠯᠵᠦ᠂ ᠲᠥᠷᠥ ᠶᠢᠨ ᠪᠣᠳᠣᠯᠭ᠎ᠠ ᠶᠢ | ᠨᠠᠶᠢᠳᠠᠪᠤᠷᠢᠵᠢᠭᠤᠯᠬᠤ᠂ ᠵᠠᠰᠠᠭ ᠤᠨ ᠣᠷᠳᠣᠨ ᠤ ᠦᠨᠡᠨᠴᠢ ᠢᠲᠡᠭᠡᠮᠵᠢ᠂ ᠬᠠᠤᠯᠢ ᠶᠣᠰᠣᠭᠠᠷ ᠵᠠᠰᠠᠭ ᠶᠠᠪᠤᠭᠤᠯᠬᠤ᠂ | ᠵᠠᠰᠠᠭ ᠤᠨ ᠶᠠᠪᠤᠳᠠᠯ ᠢ ᠢᠯᠡ ᠪᠣᠯᠭᠠᠬᠤ᠂ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ ᠵᠡᠷᠭᠡ ᠠᠵᠢᠯ ᠳᠤ ᠪᠠᠶᠢᠩᠭᠤ ᠶᠢᠨ | ᠬᠢᠨᠠᠯᠲᠠ ᠲᠠᠯᠪᠢᠵᠤ᠂ ᠬᠤᠯᠪᠤᠭᠳᠠᠯ ᠪᠥᠬᠦᠶ ᠠᠷᠭ᠎ᠠ ᠬᠡᠮᠵᠢᠶ᠎ᠡ ᠪᠠᠨ ᠲᠡᠭᠦᠯᠳᠡᠷᠵᠢᠭᠦᠯᠦᠨ᠂ ᠬᠤᠳᠠᠯᠳᠤᠭ᠎ᠠ ᠡᠵᠡᠩᠨᠡᠬᠦ | ᠣᠷᠴᠢᠨ ᠲᠣᠭᠤᠷᠢᠨ ᠢ ᠰᠢᠯᠢᠳᠡᠭᠵᠢᠭᠦᠯᠦᠨ ᠳᠡᠭᠡᠭᠰᠢᠯᠡᠭᠦᠯᠬᠦ ᠶᠢ ᠦᠨᠡᠨᠬᠦ ᠠᠬᠢᠭᠤᠯᠤᠨ᠎ᠠ᠃ ᠡᠯ᠎ᠡ ᠰᠠᠯᠠᠭ᠎ᠠ | ᠮᠥᠴᠢᠷ ᠤᠨ ᠭᠤᠤᠯᠳᠠᠯᠭ᠎ᠠ ᠲᠠᠢ ᠠᠵᠢᠯ᠂ ᠡᠭᠦᠷᠭᠡ ᠶᠢᠨ ᠨᠠᠷᠢᠨ ᠲᠠᠩᠰᠠ᠂ ᠴᠡᠭᠴᠡᠯᠡᠨ ᠵᠠᠰᠠᠬᠤ ᠡᠬᠡ ᠲᠠᠩᠰᠠ᠂ | ᠭᠤᠮᠣᠳᠠᠯ ᠱᠠᠭᠠᠷᠳᠠᠯᠭ᠎ᠠ ᠶᠢ ᠬᠦᠢᠴᠡᠳᠬᠡᠭᠰᠡᠨ ᠵᠡᠷᠭᠡ ᠪᠠᠶᠢᠳᠠᠯ ᠳᠤ ᠲᠣᠭᠲᠠᠮᠠᠯ ᠬᠤᠭᠤᠴᠠᠭ᠎ᠠ ᠲᠠᠢ ᠪᠠᠷ | ᠲᠣᠬᠢᠷᠠᠭᠤᠯᠤᠯᠲᠠ ᠬᠢᠵᠦ᠂ ᠬᠤᠳᠠᠯᠳᠤᠭ᠎ᠠ ᠡᠵᠡᠩᠨᠡᠬᠦ ᠣᠷᠴᠢᠨ ᠲᠣᠭᠤᠷᠢᠨ ᠢ ᠮᠡᠳᠡᠭᠡᠯᠡᠬᠦ ᠲᠦᠷᠢᠮ ᠢ ᠪᠠᠶᠢᠭᠤᠯᠤᠨ᠂ | ᠭᠡᠳᠡᠷᠭᠦ ᠰᠢᠬᠠᠮᠳᠠᠭᠤᠯᠵᠤ ᠪᠠᠶᠢᠭᠠᠳ ᠠᠵᠢᠯ ᠤᠨ ᠶᠠᠰᠤ ᠴᠢᠨᠠᠷ ᠢᠶᠠᠨ ᠳᠡᠭᠡᠭᠰᠢᠯᠡᠭᠦᠯᠦᠨ ᠬᠤᠷᠳᠤᠴᠠ ᠪᠠᠨ | ᠲᠦᠷᠭᠡᠳᠬᠡᠬᠦ ᠶᠢ ᠠᠬᠢᠭᠤᠯᠤᠨ᠎ᠠ᠃ ︵ᠬᠤᠳᠠ ᠶᠢᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ︶ | 50. ᠬᠤᠳᠠᠯᠳᠤᠭ᠎ᠠ ᠡᠵᠡᠩᠨᠡᠬᠦ ᠣᠷᠴᠢᠨ ᠲᠤᠭᠤᠷᠢᠨ ᠤ ᠭᠤᠣᠯᠳᠠᠯᠭ᠎ᠠ ᠲᠠᠢ ᠬᠦᠷᠢᠶᠡᠨ ᠳᠤ ᠬᠠᠨᠳᠤᠯᠭᠠᠲᠤ | ᠴᠢᠨᠠᠷ ᠢᠶᠠᠷ ᠴᠢᠩᠭ᠎ᠠ᠂ ᠬᠦᠷᠲᠡᠮᠵᠢ ᠶᠢᠨ ᠮᠡᠳᠡᠷᠡᠮᠵᠢ ᠪᠠᠷ ᠥᠨᠳᠥᠷ ᠨᠢᠭᠡ ᠪᠦᠯᠦᠭ ᠥᠭᠡᠷᠡᠴᠢᠯᠡᠯᠲᠡ ᠶᠢᠨ ᠠᠷᠭ᠎ᠠ | ᠬᠡᠮᠵᠢᠶ᠎ᠡ ᠶᠢ ᠰᠤᠳᠤᠯᠤᠨ ᠲᠣᠭᠲᠠᠭᠠᠵᠤ᠂ ᠨᠡᠶᠢᠲᠡᠯᠢᠭ ᠬᠡᠷᠡᠭ ᠤᠨ ᠵᠢᠱᠢᠶ᠎ᠡ ᠶᠢ ᠪᠤᠢ ᠪᠣᠯᠭᠠᠨ ᠳᠡᠯᠭᠡᠷᠡᠭᠦᠯᠦᠨ᠎ᠡ᠃ ᠡᠯ᠎ᠡ | ᠲᠣᠭᠤᠷᠢᠭ᠂ ᠡᠯ᠎ᠡ ᠰᠠᠯᠠᠭ᠎ᠠ ᠮᠥᠴᠢᠷ ᠤᠨ ᠬᠢᠨ ᠰᠦᠯᠵᠢᠶ᠎ᠡ᠂ ᠸᠢᠴᠠᠲ ᠤᠨ ᠣᠯᠠᠨ ᠨᠡᠶᠢᠲᠡ ᠶᠢᠨ ᠲᠠᠪᠴᠠᠩ᠂ ᠲᠢᠺ | ᠲᠤᠺ ᠵᠡᠷᠭᠡ ᠲᠠᠪᠴᠠᠩ ᠳᠤ ︽ᠬᠤᠳᠠᠯᠳᠤᠭ᠎ᠠ ᠡᠵᠡᠩᠨᠡᠬᠦ ᠣᠷᠴᠢᠨ ᠲᠣᠭᠤᠷᠢᠨ ᠢ ᠰᠢᠯᠢᠳᠡᠭᠵᠢᠭᠦᠯᠬᠦ︾ ᠲᠤᠰᠬᠠᠶ | ᠪᠤᠯᠤᠩ ᠭᠠᠷᠭᠠᠵᠤ᠂ ᠬᠤᠳᠠᠯᠳᠤᠭ᠎ᠠ ᠡᠵᠡᠩᠨᠡᠬᠦ ᠣᠷᠴᠢᠨ ᠲᠣᠭᠤᠷᠢᠨ ᠢ ᠰᠢᠯᠢᠳᠡᠭᠵᠢᠬᠦᠯᠦᠭᠰᠡᠨ ᠦᠢᠯᠡᠳᠦᠯᠭᠡ ᠪᠠ | ᠦᠷ᠎ᠡ ᠪᠦᠲᠦᠮᠵᠢ ᠪᠠᠨ ᠴᠠᠭ ᠲᠤᠬᠠᠶ ᠳᠤᠨᠢ ᠤᠬᠠᠭᠤᠯᠤᠨ ᠮᠡᠳᠡᠭᠡᠯᠡᠵᠦ᠂ ᠬᠤᠳᠠᠯᠳᠤᠭ᠎ᠠ ᠡᠵᠡᠩᠨᠡᠬᠦ ᠣᠷᠴᠢᠨ | ᠲᠣᠭᠤᠷᠢᠨ ᠢ ᠰᠢᠯᠢᠳᠡᠭᠵᠢᠭᠦᠯᠬᠦ ᠰᠠᠶᠢᠨ ᠰᠠᠶᠢᠬᠠᠨ ᠠᠭᠤᠷ ᠠᠮᠢᠰᠬᠤᠯ ᠢ ᠪᠣᠶ ᠪᠤᠯᠭᠠᠨ᠎ᠠ᠃ ︵ᠬᠤᠳᠠ ᠶᠢᠨ | ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ︶ |